ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠤ ᠵᠣᠬᠢᠶᠠᠨ ᠪᠠᠶᠢᠭᠤᠯᠤᠭᠰᠠᠨ ︽ ᠮᠣᠩᠭᠣᠯ ᠰᠤᠳᠤᠯᠤᠯ=
ᠤᠯᠠᠮᠵᠢᠯᠠᠯ ᠪᠠ ᠣᠷᠴᠢᠨ ᠦᠶᠡ ︾ ᠰᠠᠲᠤᠪᠲᠤ
ᠮᠣᠩᠭᠣᠯᠴᠢ ᠡᠷᠳᠡᠮᠲᠡᠨ ᠤ 13 ᠳ᠋ᠤᠭᠠᠷ ᠶᠡᠬᠡ
ᠬᠤᠷᠠᠯ ᠳᠤ ᠣᠷᠣᠯᠴᠠᠭᠰᠠᠨ ᠮᠣᠩᠭᠣᠯ ᠰᠤᠳᠤᠯᠤᠭᠠᠴᠢ,
ᠺᠢᠮᠦ᠋ᠷᠠ ᠠᠶᠠᠺ ᠲᠠᠢ ᠢᠯᠡᠳᠬᠡᠯ ᠤᠨ ᠬᠢ ᠢᠨᠦ ᠲᠠᠯᠠ ᠪᠠᠷ ᠴᠥᠭᠡᠨ ᠬᠣᠷᠤᠮ ᠶᠠᠷᠢᠯᠴᠭᠨᠰᠠᠨ ᠶᠤᠮ᠃
- ᠲᠥᠷᠦ ᠶᠢᠨ ᠳᠡᠭᠡᠳᠦ ᠠᠯᠲᠠᠨ ᠭᠠᠳᠠᠰᠤ ᠣᠳᠣᠨ ᠊ᠢᠢᠠᠷ ᠱᠨᠭᠨᠠᠭᠤᠯᠳᠨᠰᠠᠨ ᠳᠤ ᠪᠠᠶᠠᠷ ᠬᠦᠷᠭᠡᠶᠡ.
- ᠪᠠᠶᠠᠷᠯᠠᠯᠠ. ᠣᠯᠠᠨ ᠤᠯᠤᠰ ᠤᠨ ᠮᠣᠩᠭᠣᠯ ᠰᠤᠳᠤᠯᠤᠯ ᠳᠤ
ᠣᠷᠣᠭᠤᠯᠤᠭᠰᠠᠨ ᠬᠤᠪᠢ ᠨᠡᠮᠡᠷᠢ ᠊ᠢᠢ ᠮᠢᠨᠢ ᠦᠨᠡᠯᠡᠭᠰᠡᠨ ᠳᠤ
ᠪᠠᠶᠠᠷ ᠲᠠᠢ ᠪᠠᠶᠢᠨᠠ᠃ ᠮᠥᠨ 13 ᠳ᠋ᠤᠭᠠᠷ ᠶᠡᠬᠡ ᠬᠤᠷᠠᠯ ᠳᠤ ᠤᠷᠤᠯᠴᠠᠭᠤᠯᠳᠨᠰᠠᠨ ᠮᠣᠩᠭᠣᠯ ᠤᠯᠤᠰ ᠤᠨ ᠵᠠᠰᠠᠭ ᠤᠨ ᠭᠠᠵᠠᠷ, ᠶᠡᠷᠦᠩᠬᠡᠶᠢᠯᠡᠭᠴᠢ ᠳᠤ ᠲᠠᠯᠠᠷᠭᠨᠵᠤ ᠪᠠᠶᠢᠨᠠ᠃
- ᠲᠠ ᠢᠯᠡᠳᠬᠡᠯ ᠤᠨ ᠶᠢᠨ ᠭᠣᠣᠯ ᠰᠡᠳᠦᠪ ᠪᠤᠶᠤ ᠬᠦᠷᠢᠶᠡ ᠴᠠᠮ ᠤᠨ ᠥᠭᠡᠷᠡᠴᠢᠯᠡᠯᠲᠡ ᠶᠢᠨ ᠲᠤᠬᠠᠢ
ᠶᠠᠷᠢᠨᠠ ᠤᠤ?
- 1937 ᠣᠨ ᠡᠴᠡ ᠡᠮᠦᠨᠡ ᠬᠦᠷᠢᠶᠡ ᠴᠠᠮ ᠠᠨᠤ ᠮᠠᠭᠤ ᠮᠠᠭᠤᠬᠠᠢ ᠊ᠢᠢ ᠵᠠᠶᠢᠯᠠᠭᠤᠯᠬᠤ ᠵᠣᠷᠢᠯᠭᠠ ᠲᠠᠢ ᠯᠠᠮᠠ ᠨᠠᠷ ᠤᠨ ᠱᠠᠰᠢᠨ ᠤ ᠵᠠᠩ ᠦᠢᠯᠡ ᠪᠠᠶᠢᠭᠰᠠᠨ᠃
ᠬᠠᠷᠢᠨ 1986 ᠣᠨ ᠡᠴᠡ ᠤᠯᠠᠮᠵᠢᠯᠠᠯ ᠢ ᠰᠡᠷᠭᠦᠭᠡᠬᠦ, ᠦᠯᠡᠳᠡᠭᠡᠬᠦ ᠪᠣᠳᠤᠯᠭᠠ ᠪᠠᠷᠢᠮᠲᠠᠯᠠᠵᠤ, 1988 ᠣᠨ ᠳᠤ ᠬᠦᠷᠢᠶᠡ ᠴᠠᠮ ᠤᠨ ᠲᠤᠬᠠᠢ ᠺᠢᠨᠣ᠋ ᠪᠦᠲᠦᠭᠡᠨ, ᠴᠠᠮ ᠢ ᠪᠢᠵᠢᠭᠴᠢᠳ ᠳᠤ ᠵᠢᠭᠠᠵᠤ ᠡᠬᠢᠯᠡᠭᠰᠡᠨ. ᠬᠡᠳᠦᠢ ᠬᠡᠯᠪᠡᠷᠢ, ᠬᠤᠪᠴᠠᠰᠤ ᠭᠠᠷᠩᠯᠠᠯ ᠢᠨᠦ ᠬᠠᠳᠠᠭᠠᠯᠠᠭᠳᠠᠭᠰᠠᠨ ᠴᠤ
ᠱᠠᠰᠢᠨ ᠤ ᠵᠠᠩ ᠦᠢᠯᠡ, ᠠᠩᠬᠠᠨ ᠤ ᠤᠳᠬᠠ
ᠠᠭᠤᠯᠭᠠ ᠠᠨᠤ ᠠᠯᠳᠠᠭᠳᠠᠵᠤ, ᠵᠢᠭᠤᠯᠴᠢᠳ ᠳᠤ
ᠵᠣᠷᠢᠭᠤᠯᠤᠭᠰᠠᠨ ᠦᠵᠠᠬᠯᠪᠷᠢ ᠪᠣᠯᠤᠭᠰᠠᠨ ᠬᠡᠮᠡᠨ ᠪᠢ ᠦᠵᠡᠳᠡᠭ.
- ᠲᠠ ᠣᠳᠤ ᠶᠠᠮᠠᠷ ᠰᠤᠳᠤᠯᠭᠠ ᠬᠢᠵᠦ ᠪᠠᠶᠢᠨᠠ ᠪᠤᠢ?
- ᠪᠢ ᠮᠣᠩᠭᠣᠯ ᠤᠨ ᠬᠦᠷᠢᠶᠡ ᠴᠠᠮ ᠤᠨ ᠤᠯᠠᠮᠵᠢᠯᠠᠯ ᠢ
ᠦᠷᠭᠦᠯᠵᠢᠯᠡᠭᠦᠯᠦᠨ ᠰᠤᠳᠤᠯᠵᠤ, ᠡᠨᠡ ᠰᠡᠳᠦᠪ ᠊ᠢᠢᠠᠷ ᠶᠠᠫᠣᠨ ᠬᠡᠯᠡ ᠪᠠᠷ ᠪᠦᠲᠦᠭᠡᠯ ᠭᠠᠪᠯᠠᠬᠯᠤᠭ᠍ᠰᠠᠨ᠃ ᠲᠤᠬᠠᠶᠢᠯᠠᠪᠠᠯ, ᠬᠦᠷᠢᠶᠡ ᠴᠠᠮ ᠤᠨ ᠴᠠᠭᠠᠨ ᠡᠪᠦᠭᠡᠨ, ᠮᠠᠺᠠᠷᠠ ᠪᠣᠯᠤᠨ ᠶᠠᠫᠣᠨ ᠤ ᠮᠠᠲ᠋ᠠᠷᠠᠵᠢᠨ ᠪᠤᠷᠬᠠᠨ ᠤ ᠳᠦᠷᠰᠦᠯᠡᠯ, ᠰᠢᠲᠦᠯᠭᠡ ᠶᠢᠨ ᠬᠣᠯᠪᠤᠭᠠ ᠊ᠢᠢ ᠰᠤᠳᠤᠯᠵᠤ ᠪᠠᠶᠢᠨᠠ᠃ ᠮᠥᠨ ᠡᠳᠡᠭᠡᠷ ᠢ ᠮᠣᠩᠭᠣᠯ ᠤᠨ ᠪᠲᠲᠾᠠ ᠶᠢᠨ ᠤᠯᠠᠮᠵᠢᠯᠠᠯ,
ᠶᠠᠫᠣᠨ ᠤ ᠣᠳᠣᠳ ᠤᠨ ᠮᠠᠨᠳᠠᠯ, ᠤᠷᠲᠤ ᠨᠠᠰᠤᠯᠠᠬᠤ ᠲᠠᠢ
ᠬᠣᠯᠪᠤᠭᠠ ᠲᠠᠢ ᠵᠠᠩ ᠦᠢᠯᠡ ᠲᠠᠢ ᠬᠠᠷᠢᠴᠠᠭᠤᠯᠳ ᠰᠤᠳᠤᠯᠵᠤ ᠪᠠᠶᠢᠨᠠ᠃





