ᠴᠥᠯᠵᠢᠯᠲᠡ ᠲᠠᠢ ᠲᠡᠮᠡᠴᠡᠬᠦ ᠲᠤᠬᠠᠢ ᠨᠢ, ᠣᠢ, ᠪᠠᠢᠢᠭᠤᠯᠤᠯᠭᠠ ᠶᠢᠨ ᠺᠨᠧᠧᠨᠼᠢ ᠶᠢᠨ ᠲᠠᠯᠠ ᠨᠤᠭᠤᠳ ᠤᠨ 17 ᠳ᠋ᠤᠭᠠᠷ ᠪᠠᠭᠠ ᠬᠤᠷᠠᠯ ᠮᠣᠩᠭᠣᠯ ᠤᠯᠤᠰ ᠳᠤ 2026 ᠣᠨ ᠤ ᠨᠢ᠋ᠮᠠᠲᠤᠭᠠᠷ ᠰᠠᠷᠠ ᠶᠢᠨ 17 - 28 ᠤ
ᠡᠳᠦᠷ ᠤᠳ ᠳᠤ ᠪᠣᠯᠤᠨᠠ. ᠬᠤᠷᠠᠯ ᠤᠨ ᠪᠡᠯᠡᠳᠬᠡᠯ ᠠᠵᠢᠯ ᠤᠨ ᠳᠠᠭᠠᠭᠤ ᠨᠢ, ᠣᠢ, ᠪᠠᠢᠢᠭᠤᠯᠤᠯᠭᠠ ᠶᠢᠨ ᠰᠠᠶᠢᠨ ᠳᠤᠷᠠ ᠶᠢᠨ ᠠᠯᠪᠠ, ᠮᠣᠩᠭᠣᠯ ᠤᠨ ᠤᠯᠠᠭᠠᠨ ᠵᠠᠭᠠᠯᠮᠠᠢ ᠶᠢᠨ ᠨᠡᠶᠢᠭᠡᠮᠯᠢᠭ, ᠨᠢ, ᠣᠢ, ᠪᠠᠢᠢᠭᠤᠯᠤᠯᠭᠠ ᠶᠢᠨ ᠬᠥᠭᠵᠢᠯ ᠤᠨ ᠬᠥᠲᠥᠯᠪᠦᠷᠢ, ︽ ᠺᠫ - 17 ︾ ᠤᠨ ᠦᠨᠳᠦᠰᠦᠨ ᠤ ᠬᠣᠷᠢᠶᠠᠨ ᠤ ᠠᠵᠢᠯ ᠤᠨ ᠠᠯᠪᠠ ᠬᠠᠮᠲᠤᠷᠠᠨ ᠨᠡᠶᠢᠲᠡ 600 ᠰᠠᠶᠢᠨ ᠳᠤᠷᠠ ᠶᠢᠨ ᠢᠳᠡᠪᠬᠢᠲᠡᠨ ᠢ ᠰᠤᠷᠭᠠᠯᠲᠠ ᠳᠤ ᠬᠠᠮᠤᠷᠤᠭᠤᠯᠵᠤ
ᠪᠡᠯᠡᠳᠬᠡᠵᠡᠢ. ᠰᠠᠶᠢᠨ ᠳᠤᠷᠠ ᠶᠢᠨ ᠢᠳᠡᠪᠬᠢᠲᠡᠨ ᠨᠤᠬᠳ ᠳᠤ ᠨᠣᠭᠣᠭᠠᠨ ᠪᠥᠰᠡ, ᠴᠡᠩᠬᠡᠷ ᠪᠥᠰᠡ, ᠵᠣᠴᠢᠳ ᠪᠠᠭᠤᠳᠠᠯ, ᠵᠠᠮ ᠲᠡᠭᠡᠭᠡᠪᠦᠷᠢ ᠶᠢᠨ ᠴᠢᠭᠯᠠᠯ ᠬᠡᠮᠡᠭᠰᠡᠨ ᠦᠨᠳᠦᠰᠦᠨ ᠳᠥᠷᠪᠡᠨ ᠴᠢᠭᠯᠠᠯ ᠳᠤ ᠲᠣᠳᠣᠷᠬᠠᠢ ᠠᠵᠢᠯ
ᠬᠠᠷᠢᠭᠤᠴᠠᠭᠤᠯᠳ ᠠᠵᠢᠯᠯᠠᠭᠤᠯᠬᠤ ᠠᠵᠠᠢ. ᠰᠤᠷᠭᠠᠯᠲᠠ ᠶᠢᠨ ᠦᠶᠡ ᠪᠠᠷ ᠲᠡᠳᠡᠨ ᠳᠤ ᠲᠣᠳᠣᠷᠬᠠᠢ ᠴᠡᠭ,
ᠪᠠᠶᠢᠷᠢᠰᠢᠯ ᠢ ᠲᠠᠨᠢᠯᠴᠠᠭᠤᠯᠬᠤ ᠶᠢᠨ ᠵᠡᠷᠭᠡᠴᠡᠭᠡ ᠴᠢᠭᠯᠠᠯ ᠲᠣᠰ ᠪᠦᠷᠢ ᠶᠢᠨ ᠡᠭᠦᠷᠭᠡ, ᠬᠠᠷᠢᠭᠤᠴᠠᠯᠭᠠ ᠪᠣᠯᠤᠨ ᠬᠤᠷᠠᠯ ᠤᠨ ᠦᠶᠡ ᠪᠠᠷ ᠱᠠᠭᠠᠷᠳᠠᠭᠳᠠᠬᠤ ᠵᠣᠬᠢᠶᠠᠨ ᠪᠠᠶᠢᠭᠤᠯᠤᠯᠲᠠ ᠶᠢᠨ ᠮᠡᠳᠡᠭᠡᠯᠡᠯ ᠢ ᠥᠭᠴᠡᠢ.





