ᠮᠣᠩᠭᠣᠯ ᠤᠯᠤᠰ ᠤᠨ ᠶᠡᠷᠦᠩᠬᠡᠶᠢᠯᠡᠭᠴᠢ
ᠤ, ᠬᠦᠷᠡᠯᠰᠦ᠋ᠬᠡ ᠶᠢᠨ ᠢᠪᠡᠭᠡᠯ ᠳᠤ ︽ ᠮᠣᠩᠭᠣᠯ ᠰᠤᠳᠤᠯᠤᠯ= ᠤᠯᠠᠮᠵᠢᠯᠠᠯ ᠪᠠ ᠣᠷᠴᠢᠨ ᠦᠶᠡ ︾ ᠰᠠᠲᠤᠪᠲᠤ ᠮᠣᠩᠭᠣᠯᠴᠢ ᠡᠷᠳᠡᠮᠲᠡᠨ ᠤ 13 ᠳ᠋ᠤᠭᠠᠷ ᠶᠡᠬᠡ ᠬᠤᠷᠠᠯ ᠡᠬᠢᠯᠡᠵᠦ, 30
ᠣᠷᠣᠨ ᠤ 570 ᠭᠠᠷᠤᠢ ᠡᠷᠳᠡᠮᠲᠡᠨ, ᠰᠤᠳᠤᠯᠤᠭᠠᠴᠢ
ᠣᠷᠣᠯᠴᠠᠨ 530 ᠭᠠᠷᠤᠢ ᠢᠯᠡᠳᠬᠡᠯ ᠬᠡᠯᠡᠯᠴᠡᠭᠦᠯᠵᠦ ᠪᠠᠶᠢᠨᠠ᠃ ᠡᠨᠡ ᠰᠠᠷᠠ ᠶᠢᠨ 13 ᠢ ᠬᠦᠷᠲᠡᠯᠡ ᠦᠷᠭᠦᠯᠵᠢᠯᠡᠬᠦ ᠲᠣᠰ
ᠬᠤᠷᠠᠯ ᠊ᠢᠢᠠᠷ ᠮᠣᠩᠭᠣᠯ ᠬᠡᠯᠡ, ᠲᠡᠦᠬᠡ, ᠰᠤᠶᠤᠯ ᠡᠴᠡ ᠭᠠᠳᠠᠨᠠ ᠣᠷᠴᠢᠨ ᠦᠶᠡ ᠶᠢᠨ ᠨᠡᠶᠢᠭᠡᠮ, ᠤᠯᠤᠰ ᠲᠥᠷᠦ, ᠡᠳ᠋ ᠤᠨ ᠵᠠᠰᠠᠭ, ᠭᠠᠳᠠᠭᠠᠳᠤ ᠬᠠᠷᠢᠯᠴᠠᠭᠠ ᠊ᠢᠢ ᠥᠷᠭᠡᠨ ᠬᠦᠷᠢᠶᠡᠨ ᠳᠤ
ᠠᠪᠴᠤ ᠦᠵᠡᠵᠦ ᠪᠠᠶᠢᠨᠠ᠃
ᠣᠷᠣᠯᠴᠠᠭᠴᠢ ᠡᠷᠲᠠᠮᠲᠤ᠋ᠨ ᠤᠨ ᠪᠠᠶᠢᠷᠢ ᠰᠠᠭᠤᠷᠢ=
- ᠠᠨ᠊ᠨᠠ ᠼᠧᠨᠲᠢᠨᠠ :ᠤ, ᠬᠤ, ᠤᠯᠤᠰ"=
ᠮᠣᠩᠭᠣᠯ ᠰᠤᠳᠤᠯᠤᠯ ᠵᠠᠯᠠᠭᠤ ᠦᠶᠡ ᠪᠠᠷ ᠳᠠᠮᠵᠢᠨ
ᠲᠠᠰᠤᠷᠠᠯᠲᠠ ᠦᠭᠡᠢ ᠬᠥᠭᠵᠢᠵᠦ ᠪᠤᠢ ᠳᠤ ᠢᠲᠡᠭᠡᠯ ᠲᠠᠢ ᠪᠠᠶᠢᠨᠠ᠃
ᠳᠠᠯᠠᠶᠢᠴᠠ ᠲᠠᠢ ᠬᠥᠭᠵᠢᠵᠦ ᠪᠤᠢ ᠥᠨᠥ ᠶᠢᠨ ᠳᠡᠯᠡᠬᠡᠢ
ᠶᠢᠷᠲᠢᠨᠴᠦ ᠳᠤ ᠮᠣᠩᠭᠣᠯ ᠤᠨ ᠨᠠᠬᠲᠠᠯᠴᠢᠳ ᠤᠨ ᠳᠠᠪᠲᠠᠭᠳᠠᠰᠢ ᠦᠭᠡᠢ ᠥᠪ ᠰᠤᠶᠤᠯ ᠢ ᠭᠦᠨᠵᠡᠭᠡᠢ ᠰᠤᠲᠤᠯᠳ ᠬᠠᠮᠠᠭᠠᠯᠠᠬᠤ ᠠᠨᠤ ᠰᠢᠨᠡ ᠦᠶᠡ ᠶᠢᠨ ᠴᠢᠬᠤᠯᠠ ᠬᠠᠷᠢᠭᠤᠴᠠᠯᠭᠠ ᠶᠤᠮ᠃
- ᠶᠦᠺᠢ ᠺᠨᠠᠭᠠᠶᠠ :ᠶᠠᠫᠣᠨ"=
ᠮᠣᠩᠭᠣᠯ ᠰᠤᠳᠤᠯᠤᠯ ᠠᠨᠤ ᠵᠥᠪᠬᠡᠨ ᠮᠣᠩᠭᠣᠯ ᠤᠨ ᠲᠤᠬᠠᠢ ᠪᠢᠰᠢ, ᠳᠡᠯᠡᠬᠡᠢ ᠶᠢᠨ ᠲᠡᠦᠬᠡ ᠪᠣᠯᠤᠨ ᠰᠤᠳᠤᠯᠤᠯ ᠳᠤ ᠶᠡᠬᠡ ᠨᠦᠯᠤᠭᠠᠲᠠᠢ ᠰᠠᠯᠪᠤᠷᠢ. ᠴᠢᠨᠠᠭᠰᠢᠳᠠ ᠳᠡᠯᠡᠬᠡᠢ ᠶᠢᠨ
ᠲᠡᠦᠬᠡ ᠊ᠢᠢ ᠦᠭᠠᠷᠠᠴᠢᠯᠠᠬᠢᠢᠴᠠ ᠰᠢᠨᠡ ᠨᠡᠭᠡᠭᠡᠯᠲᠡ ᠨᠤᠬᠳ ᠢ ᠮᠣᠩᠭᠣᠯ ᠨᠤᠲᠤᠭ ᠡᠴᠡ ᠬᠢᠬᠦ ᠪᠣᠯᠤᠮᠵᠢᠲᠠᠢ.
- ᠸᠧᠷᠥᠨᠢᠺᠠ ᠽᠢᠺᠮᠦ᠋ᠨᠲᠤᠸᠠ ︵ᠴᠧᠬᠤ᠋︶᠄
ᠮᠣᠩᠭᠣᠯᠴᠤᠳ ᠤᠨ
ᠪᠠᠶᠢᠭᠠᠯᠢ
ᠳᠡᠯᠡᠬᠡᠢ ᠲᠠᠢ ᠪᠠᠨ ᠳᠠᠰᠤᠨ ᠵᠣᠬᠢᠴᠠᠵᠤ ᠠᠮᠢᠳᠤᠷᠠᠳᠠᠭ
ᠤᠯᠠᠮᠵᠢᠯᠠᠯᠲᠤ ᠬᠡᠪ ᠮᠠᠶ᠋ᠢᠭ, ᠵᠠᠩ ᠦᠢᠯᠡ ᠢᠨᠦ ᠴᠠᠭ
ᠠᠭᠤᠷ ᠤᠨ
ᠬᠦᠨᠳᠦᠷᠡᠯ ᠲᠠᠢ
ᠲᠤᠯᠭᠠᠷᠠᠵᠤ ᠪᠤᠢ ᠥᠨᠥ ᠴᠠᠭ ᠳᠤ ᠣᠯᠠᠨ ᠤᠯᠤᠰ ᠳᠤ ᠴᠢᠬᠤᠯᠠ
ᠰᠤᠷᠤᠯᠴᠠᠬᠤ ᠱᠠᠭᠠᠷᠲᠠᠯᠭᠠᠲᠠᠢ ᠰᠡᠳᠦᠪ ᠪᠣᠯᠤᠭᠠᠳ ᠪᠠᠶᠢᠨᠠ᠃
- ᠮᠠᠷᠢᠢᠠ ᠫᠧᠲ᠋ᠷᠤᠸᠠ :ᠤ, ᠬᠤ, ᠤᠯᠤᠰ"=
ᠰᠠᠨᠺᠲ - ᠫᠧᠲ᠋ᠧᠷᠪᠢᠷᠭ ᠤᠨ ᠶᠡᠬᠡ ᠰᠤᠷᠭᠠᠭᠤᠯᠢ ᠪᠣᠯᠤᠨ ᠳᠣᠷᠣᠨᠠ ᠳ᠋ᠠᠬᠢᠨ ᠤ ᠭᠠᠷ ᠪᠢᠴᠢᠮᠡᠯ ᠤᠨ ᠬᠦᠷᠢᠶᠡᠯᠡᠩ ᠳᠤ
ᠮᠣᠩᠭᠣᠯ ᠬᠡᠯᠡ, ᠡᠷᠲᠡᠨ ᠤ ᠰᠤᠳᠤᠷ, ᠭᠠᠷ ᠪᠢᠴᠢᠮᠡᠯ ᠢ
ᠰᠤᠳᠤᠯᠬᠤ, ᠮᠣᠩᠭᠣᠯ ᠪᠢᠴᠢᠭ ᠵᠢᠭᠠᠬᠤ ᠪᠣᠯᠤᠨ ᠣᠷᠴᠢᠨ
ᠦᠶᠡ ᠶᠢᠨ ᠵᠣᠬᠢᠶᠠᠯ ᠤᠳ ᠢ ᠤᠷᠴᠢᠭᠤᠯᠬᠤ ᠠᠵᠢᠯ ᠢ
ᠢᠳᠡᠪᠬᠢ ᠲᠠᠢ ᠦᠷᠨᠢᠬᠯᠲᠩ᠃
- ᠲᠠ᠂ ᠵᠠᠶᠠᠭᠠᠪᠠᠭᠠᠲᠤᠷ=
ᠮᠣᠩᠭᠣᠯ ᠰᠤᠳᠤᠯᠤᠯ ᠡᠮᠦᠨᠡ ᠢᠨᠦ ᠮᠣᠩᠭᠣᠯᠴᠤᠳ ᠤᠨ ᠬᠡᠯᠡ, ᠲᠡᠦᠬᠡ, ᠰᠤᠶᠤᠯ, ᠤᠭᠰᠠᠭᠠ ᠭᠠᠷᠤᠯ ᠬᠡᠮᠡᠭᠰᠡᠨ
ᠬᠦᠷᠢᠶᠡᠨ ᠳᠤ ᠢᠯᠡᠭᠦᠦ ᠢᠳᠡᠪᠬᠢ ᠲᠠᠢ ᠶᠠᠪᠤᠵᠤ ᠢᠷᠡᠭᠰᠡᠨ᠃ ᠣᠳᠤ ᠶᠢᠨ ᠮᠣᠩᠭᠣᠯ ᠰᠤᠳᠤᠯᠤᠯ ᠤᠨ ᠴᠡᠷ ᠬᠦᠷᠢᠶᠡ
ᠤᠯᠠᠮᠵᠢᠯᠠᠯ ᠪᠣᠯᠤᠨ ᠣᠷᠴᠢᠨ ᠦᠶᠡ ᠬᠡᠮᠡᠭᠰᠡᠨ
ᠣᠨᠴᠠᠯᠢᠭ ᠲᠠᠢ ᠪᠠᠷ ᠬᠥᠭᠵᠢᠵᠦ ᠪᠠᠶᠢᠨᠠ᠃ ᠣᠷᠴᠢᠨ ᠴᠠᠭ ᠳᠤ ᠤᠯᠤᠰ ᠲᠥᠷᠦ, ᠬᠠᠤᠯᠢ, ᠡᠷᠬᠡ ᠵᠦᠢ, ᠡᠳ᠋ ᠤᠨ ᠵᠠᠰᠠᠭ, ᠮᠣᠩᠭᠣᠯᠴᠤᠳ ᠤᠨ ᠠᠬᠤᠢ ᠰᠤ᠋ᠨᠭᠢᠯᠭᠠᠨ ᠤ ᠣᠨᠴᠠᠯᠢᠭ, ᠠᠮᠢᠳᠤᠷᠠᠯ ᠤᠨ ᠬᠡᠪ ᠮᠠᠶ᠋ᠢᠭ ᠳᠤ ᠭᠠᠷᠴᠤ ᠪᠤᠢ ᠥᠭᠡᠷᠡᠴᠢᠯᠡᠯᠲᠡ ᠵᠡᠷᠭᠡ ᠊ᠢᠢ ᠰᠤᠳᠤᠯᠬᠤ ᠪᠣᠯᠤᠭᠰᠠᠨ. ᠡᠭᠦᠨ ᠤ ᠵᠡᠷᠭᠡᠴᠡᠭᠡ
ᠰᠤᠳᠤᠯᠤᠭᠠᠴᠢᠳ ᠤᠨ ᠲᠣᠭᠠ ᠨᠠᠮᠩᠲᠩᠰᠠᠭᠠᠷ ᠪᠠᠶᠢᠨᠠ᠃
ᠮᠣᠩᠭᠣᠯ ᠢ ᠰᠤᠨᠢᠷᠭᠨᠨ ᠰᠤᠳᠤᠯᠤᠭᠴᠢ ᠣᠷᠣᠨ ᠨᠤᠭᠤᠳ ᠤᠨ ᠲᠣᠭᠠ, ᠴᠡᠷ ᠬᠦᠷᠢᠶᠡ ᠦᠷᠭᠠᠵᠢᠵᠤ ᠪᠠᠶᠢᠭᠠ ᠊ᠢᠢ
ᠬᠠᠷᠠᠭᠤᠯᠤᠭᠰᠠᠨ ᠦᠢᠯᠡ ᠠᠵᠢᠯᠯᠠᠭᠠ ᠠᠨᠤ ᠣᠳᠤ ᠶᠢᠨ ᠡᠨᠡ ᠶᠡᠬᠡ ᠬᠤᠷᠠᠯ ᠶᠤᠮ᠃





