ᠮᠣᠩᠭᠣᠯ ᠤᠯᠤᠰ ᠤᠨ ᠶᠡᠷᠦᠩᠬᠡᠶᠢᠯᠡᠭᠴᠢ
ᠤ, ᠬᠦᠷᠡᠯᠰᠦ᠋ᠬᠡ ᠶᠢᠨ ᠤᠷᠢᠯᠭᠠ ᠪᠠᠷ ᠪᠦᠭᠦᠳᠡ ᠨᠠᠶᠢᠷᠠᠮᠳᠠᠬᠤ ᠲᠠᠵᠢᠺᠢᠰᠲ᠋ᠠᠨ ᠤᠯᠤᠰ ᠤᠨ
ᠶᠡᠷᠦᠩᠬᠡᠶᠢᠯᠡᠭᠴᠢ ᠡᠮᠤᠮᠠᠯᠢ ᠷᠠᠾᠮᠳ
ᠳᠣᠯᠣᠳᠤᠭᠠᠷ ᠰᠠᠷᠠ ᠶᠢᠨ 20 - 22 ᠳᠤ
ᠲᠥᠷᠦ ᠶᠢᠨ ᠠᠶᠢᠯᠴᠢᠯᠠᠯ ᠬᠢᠬᠦ ᠪᠠᠷ ᠬᠢᠷᠤᠯᠴᠠᠨ ᠢᠷᠡᠯᠡ.
ᠶᠡᠷᠦᠩᠬᠡᠶᠢᠯᠡᠭᠴᠢ ᠡᠮᠤᠮᠠᠯᠢ ᠷᠠᠾᠮᠳ ᠢ
︽ ᠪᠤᠶᠠᠨᠲᠤ ᠬᠤᠸᠠ ︾ ᠨᠢᠰᠬᠦ ᠤᠩᠭᠤᠴᠠᠨ ᠤ
ᠪᠠᠭᠤᠳᠠᠯ ᠳᠤ ᠭᠠᠳᠠᠭᠠᠳᠤ ᠬᠠᠷᠢᠯᠴᠠᠭᠠᠨ ᠤ ᠰᠠᠶᠢᠳ ᠪᠠ᠂ ᠪᠠᠲᠤᠴᠡᠴᠡᠭ, ᠪᠦᠭᠦᠳᠡ ᠨᠠᠶᠢᠷᠠᠮᠳᠠᠬᠤ
ᠲᠠᠵᠢᠺᠢᠰᠲ᠋ᠠᠨ ᠤᠯᠤᠰ ᠡᠴᠡ ᠮᠣᠩᠭᠣᠯ ᠤᠯᠤᠰ ᠳᠤ
ᠰᠠᠭᠤᠭᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠶᠢᠳ ᠾᠢ᠋ᠢᠷᠦ᠋ᠯᠯᠤ᠋ ᠢᠪᠲᠵᠤᠲᠠ ᠨᠠᠷ ᠤᠭᠲᠤᠵᠤ ᠠᠪᠴᠠᠢ.
ᠬᠣᠶᠠᠷ ᠤᠯᠤᠰ ᠤᠨ ᠶᠡᠷᠦᠩᠬᠡᠶᠢᠯᠡᠭᠴᠢ ᠠᠯᠪᠠᠨ ᠶᠣᠰᠣᠨ ᠤ ᠬᠡᠯᠡᠯᠴᠡᠭᠡ ᠬᠢᠵᠦ, ᠬᠠᠷᠢᠯᠴᠠᠭᠠ, ᠬᠠᠮᠲᠤ ᠶᠢᠨ ᠠᠵᠢᠯᠯᠠᠭᠠ ᠊ᠢᠢ ᠥᠷᠭᠡᠵᠢᠭᠦᠯᠦᠨ ᠬᠥᠭᠵᠢᠭᠦᠯᠬᠦ ᠪᠣᠯᠤᠨ ᠪᠥᠰᠡ ᠨᠤᠲᠤᠭ, ᠣᠯᠠᠨ ᠤᠯᠤᠰ ᠤᠨ ᠳᠠᠪᠴᠠᠩ ᠳ᠋ᠡᠬᠢ ᠬᠠᠮᠲᠤ ᠶᠢᠨ ᠠᠵᠢᠯᠯᠠᠭᠠᠨ ᠤ ᠲᠠᠯᠠ ᠪᠠᠷ ᠰᠠᠨᠠᠯ ᠰᠤᠯᠢᠯᠴᠠᠬᠤ ᠶᠤᠮ᠃





