ᠪᠦᠭᠦᠳᠡ ᠨᠠᠶᠢᠷᠠᠮᠳᠠᠬᠤ
ᠲᠠᠵᠢᠺᠢᠰᠲ᠋ᠠᠨ ᠤᠯᠤᠰ ᠤᠨ
ᠶᠡᠷᠦᠩᠬᠡᠶᠢᠯᠡᠭᠴᠢ ᠡᠮᠤᠮᠠᠯᠢ ᠷᠠᠾᠮᠳ
ᠮᠣᠩᠭᠣᠯ ᠤᠯᠤᠰ ᠤᠨ ᠶᠡᠷᠦᠩᠬᠡᠶᠢᠯᠡᠭᠴᠢ ᠤ, ᠬᠦᠷᠡᠯᠰᠦ᠋ᠬᠡ ᠶᠢᠨ
ᠤᠷᠢᠯᠭᠠ ᠪᠠᠷ ᠳᠣᠯᠣᠳᠤᠭᠠᠷ ᠰᠠᠷᠠ ᠶᠢᠨ 20 - 22 ᠳᠤ ᠮᠣᠩᠭᠣᠯ ᠤᠯᠤᠰ ᠳᠤ
ᠠᠢᠢᠯᠴᠢᠯᠠᠨᠠ᠃
ᠡᠨᠡ ᠬᠥ ᠠᠶᠢᠯᠴᠢᠯᠠᠯ ᠠᠨᠤ
ᠪᠦᠭᠦᠳᠡ ᠨᠠᠶᠢᠷᠠᠮᠳᠠᠬᠤ ᠲᠠᠵᠢᠺᠢᠰᠲ᠋ᠠᠨ
ᠤᠯᠤᠰ ᠤᠨ ᠲᠥᠷᠦ ᠶᠢᠨ ᠲᠡᠷᠢᠭᠦᠨ ᠤ 17 ᠵᠢᠯ ᠤᠨ ᠳᠠᠷᠠᠭᠠᠬᠢ ᠠᠶᠢᠯᠴᠢᠯᠠᠯ ᠪᠥᠭᠡᠳ ᠶᠡᠷᠦᠩᠬᠡᠶᠢᠯᠡᠭᠴᠢ
ᠤ, ᠬᠦᠷᠡᠯᠰᠦ᠋ᠬᠡ 2025
ᠣᠨ ᠳᠤ ᠲᠣᠰ ᠤᠯᠤᠰ ᠳᠤ
ᠠᠶᠢᠯᠴᠢᠯᠠᠭᠰᠠᠨ ᠤ ᠬᠠᠷᠢᠭᠤ
ᠠᠶᠢᠯᠴᠢᠯᠠᠯ ᠶᠤᠮ᠃
ᠠᠶᠢᠯᠴᠢᠯᠠᠯ ᠤᠨ ᠦᠶᠡ ᠪᠡᠷ᠂ ᠬᠣᠶᠠᠷ ᠤᠯᠤᠰ ᠤᠨ
ᠶᠡᠷᠦᠩᠬᠡᠶᠢᠯᠡᠭᠴᠢ ᠠᠯᠪᠠᠨ ᠶᠣᠰᠣᠨ ᠤ ᠬᠡᠯᠡᠯᠴᠡᠭᠡ ᠬᠢᠵᠦ, ᠤᠯᠤᠰ ᠲᠥᠷᠦ, ᠬᠤᠳᠠᠯᠳᠤᠭᠠ, ᠡᠳ᠋ ᠤᠨ ᠵᠠᠰᠠᠭ, ᠬᠥᠳᠡᠭᠡ ᠠᠵᠤ ᠠᠬᠤᠢ, ᠡᠷᠴᠢᠮ ᠬᠦᠴᠦ, ᠲᠡᠭᠡᠭᠡᠪᠦᠷᠢ, ᠰᠤᠶᠤᠯ ᠵᠡᠷᠭᠡ ᠰᠠᠯᠪᠤᠷᠢ ᠶᠢᠨ ᠬᠠᠮᠲᠤ ᠶᠢᠨ
ᠠᠵᠢᠯᠯᠠᠭᠠ ᠊ᠢᠢ ᠥᠷᠭᠡᠵᠢᠭᠦᠯᠬᠦ ᠠᠰᠠᠭᠤᠳᠠᠯ ᠊ᠢᠢᠠᠷ ᠰᠠᠨᠠᠯ ᠰᠤᠯᠢᠯᠴᠠᠬᠤ ᠠᠵᠠᠢ. ᠮᠥᠨ ᠪᠢᠽᠨᠧᠰ ᠤᠨ ᠳᠤᠭᠤᠢ ᠰᠢᠷᠡᠭᠡᠨ ᠤ ᠠᠭᠤᠯᠵᠠᠯᠲᠠ, ᠰᠤᠶᠤᠯ ᠤᠨ ᠦᠢᠯᠡ ᠠᠵᠢᠯᠯᠠᠭᠠ ᠵᠣᠬᠢᠶᠠᠨ ᠪᠠᠶᠢᠭᠤᠯᠬᠤ ᠪᠠᠷ ᠲᠥᠯᠥᠪᠯᠡᠭᠰᠡᠨ ᠪᠠᠶᠢᠨᠠ᠃
ᠮᠣᠩᠭᠣᠯ, ᠲᠠᠵᠢᠺᠢᠰᠲ᠋ᠠᠨ ᠤᠯᠤᠰ 1992 ᠣᠨ ᠳᠤ ᠳ᠋ᠢᠫᠯᠣᠮᠠᠲ ᠬᠠᠷᠢᠯᠴᠠᠭᠠ ᠲᠣᠭᠲᠠᠭᠠᠭᠰᠠᠨ ᠪᠥᠭᠡᠳ 2025 ᠣᠨ ᠤ ᠲᠥᠷᠦ ᠶᠢᠨ ᠠᠶᠢᠯᠴᠢᠯᠠᠯ ᠤᠨ ᠦᠶᠡ ᠪᠠᠷ ᠬᠠᠮᠲᠤ ᠶᠢᠨ ᠠᠵᠢᠯᠯᠠᠭᠠ ᠊ᠢᠢ ᠥᠷᠭᠡᠵᠢᠭᠦᠯᠬᠦ
ᠬᠠᠮᠲᠤᠷᠭᠨᠰᠠᠨ ᠮᠡᠳᠡᠭᠳᠡᠯ ᠭᠠᠷᠭᠠᠵᠤ, 11 ᠪᠠᠷᠢᠮᠲᠠ ᠪᠢᠴᠢᠭ ᠳᠤ ᠭᠠᠷ ᠤᠨ ᠦᠰᠤᠢᠠ ᠵᠢᠷᠤᠭᠰᠠᠨ ᠠᠵᠠᠢ.





