︽ ᠴᠢᠩᠭᠢᠰ ᠬᠠᠭᠠᠨ= ᠮᠣᠩᠭᠣᠯᠴᠤᠳ ᠳᠡᠯᠡᠬᠡᠢ ᠊ᠢᠢ ᠥᠭᠡᠷᠡᠴᠢᠯᠡᠭᠰᠡᠨ ᠢᠨᠦ ︾ ᠣᠯᠠᠨ ᠤᠯᠤᠰ ᠤᠨ ᠲᠤᠰᠬᠠᠢ
ᠦᠵᠡᠰᠬᠦᠯᠡᠩ ᠢ ᠶᠡᠬᠡ ᠪᠷᠢᠲ᠋ᠠᠨᠢ᠂ ᠤᠮᠠᠷᠠᠳᠤ ᠢᠷᠧᠯᠠᠨᠳ ᠤᠨ ᠨᠢᠭᠡᠳᠦᠭᠰᠡᠨ ᠬᠠᠭᠠᠨᠲᠤ ᠤᠯᠤᠰ ᠤᠨ ᠯᠧᠶᠧᠲᠰ ᠬᠣᠲᠠ ᠳ᠋ᠡᠬᠢ ᠡᠵᠡᠨ ᠬᠠᠭᠠᠨ ᠤ ᠵᠡᠪᠰᠡᠭ ᠤᠨ ᠮᠦᠽᠧᠢ ᠳᠤ ᠠᠯᠪᠠᠨ ᠶᠣᠰᠣᠭᠠᠷ ᠨᠡᠭᠡᠭᠡᠵᠦ, ᠣᠯᠠᠨ ᠨᠡᠶᠢᠲᠡ ᠳᠤ ᠲᠠᠯᠭᠠᠵᠠᠢ᠃ ︽ ᠴᠢᠩᠭᠢᠰ ᠬᠠᠭᠠᠨ ︾ ᠦᠨᠳᠦᠰᠦᠨ ᠤ ᠮᠦᠽᠧᠢ ᠡᠮᠦᠨᠡ ᠢᠨᠦ ᠹᠷᠠᠨᠼᠠ᠂ ᠰᠸᠢᠴᠧᠷᠯᠠᠨᠳ᠂ ᠶᠠᠫᠣᠨ, ᠢᠲ᠋ᠠᠯᠢ ᠵᠡᠷᠭᠡ ᠤᠯᠤᠰ ᠳᠤ ᠮᠣᠩᠭᠣᠯ ᠤᠨ ᠲᠡᠦᠬᠡ, ᠰᠤᠶᠤᠯ ᠤᠨ ᠥᠪ ᠢ ᠰᠤᠷᠲᠠᠯᠴᠢᠯᠭᠨᠰᠠᠨ ᠣᠯᠠᠨ ᠤᠯᠤᠰ ᠤᠨ ᠲᠤᠰᠬᠠᠢ ᠦᠵᠡᠰᠬᠦᠯᠡᠩ ᠢ ᠵᠣᠬᠢᠶᠠᠨ ᠪᠠᠶᠢᠭᠤᠯᠵᠤ ᠢᠷᠡᠭᠰᠡᠨ ᠪᠣᠯ ᠡᠨᠡ ᠬᠥ ᠦᠵᠡᠰᠬᠦᠯᠡᠩ ᠮᠣᠩᠭᠣᠯ ᠤᠨ ᠰᠤᠶᠤᠯ ᠤᠨ ᠥᠪ ᠢ ᠳᠡᠯᠡᠬᠡᠢ ᠶᠢᠨ ᠳᠠᠪᠴᠠᠩ ᠳᠤ ᠲᠠᠨᠢᠭᠤᠯᠵᠤ ᠪᠤᠢ ᠲᠣᠮᠣᠬᠠᠨ ᠦᠢᠯᠡ ᠶᠠᠪᠤᠳᠠᠯ ᠪᠣᠯᠵᠤ ᠪᠠᠶᠢᠨᠠ᠃ ᠤᠭ ᠦᠵᠡᠰᠬᠦᠯᠡᠩ ᠢ 11 ᠳ᠋ᠤᠭᠠᠷ ᠰᠠᠷᠠ ᠶᠢᠨ ᠨᠢᠭᠡᠨ ᠢ ᠬᠦᠷᠲᠡᠯᠡ ᠧᠦ᠋ᠷᠣᠫᠠ ᠶᠢᠨ ᠦᠵᠡᠭᠴᠢᠳ ᠤᠨ ᠬᠦᠷᠲᠡᠭᠡᠯ ᠪᠣᠯᠭᠠᠨᠠ.





