ᠣᠯᠠᠨ ᠤᠯᠤᠰ ᠤᠨ ᠤᠯᠢᠮᠫᠢ ᠶᠢᠨ ᠬᠣᠷᠢᠶᠠᠨ ᠤ 146 ᠳ᠋ᠤᠭᠠᠷ ᠡᠭᠡᠯᠵᠢᠲᠦ ᠴᠢᠭᠤᠯᠭᠠᠨ ᠰᠸᠢᠴᠧᠷᠯᠠᠨᠳ ᠤᠯᠤᠰ ᠤᠨ ᠯᠤᠽᠠᠨ᠊ᠨᠠ ᠬᠤᠲᠠᠨᠠ ᠪᠣᠯᠵᠤ ᠪᠠᠶᠢᠨᠠ᠃ ᠲᠣᠰ ᠴᠢᠭᠤᠯᠭᠠᠨ ᠳᠤ ᠮᠠᠨ ᠤ ᠤᠯᠤᠰ ᠡᠴᠡ ᠣᠯᠠᠨ ᠤᠯᠤᠰ ᠤᠨ
ᠤᠯᠢᠮᠫᠢ ᠶᠢᠨ ᠬᠣᠷᠢᠶᠠᠨ ᠤ ᠭᠡᠰᠢᠭᠦᠨ, ᠮᠣᠩᠭᠣᠯ ᠤᠨ ᠦᠨᠳᠦᠰᠦᠨ ᠤ ᠤᠯᠢᠮᠫᠢ ᠶᠢᠨ ᠬᠣᠷᠢᠶᠠᠨ ᠤ ᠶᠡᠷᠦᠩᠬᠡᠶᠢᠯᠡᠭᠴᠢ ᠪᠠ᠂ ᠪᠠᠲᠤᠲᠦ᠋ᠰᠢᠭ ᠣᠷᠣᠯᠴᠠᠵᠤ ᠪᠠᠶᠢᠭᠠ ᠶᠤᠮ᠃ ᠡᠨᠡ ᠦᠶᠡ ᠪᠠᠷ ᠤᠯᠢᠮᠫᠢ ᠶᠢᠨ ᠬᠥᠳᠡᠯᠭᠡᠭᠡᠨ ᠤ ᠦᠢᠯᠡ ᠠᠵᠢᠯᠯᠠᠭᠠ, ᠢᠷᠡᠬᠦ ᠤᠯᠢᠮᠫᠢ ᠶᠢᠨ ᠨᠠᠭᠠᠳᠤᠮ ᠤᠳ ᠤᠨ ᠪᠡᠯᠡᠳᠬᠡᠯ, ᠵᠠᠰᠭᠨᠯᠠᠯ᠂
ᠲᠣᠭᠲᠠᠪᠤᠷᠢᠲᠠᠢ ᠬᠥᠭᠵᠢᠯ ᠪᠣᠯᠤᠨ ᠪᠤᠰᠤᠳ ᠰᠲ᠋ᠷᠠᠲ᠋ᠧᠬᠢ ᠶᠢᠨ ᠠᠰᠠᠭᠤᠳᠠᠯ ᠤᠳ ᠢ ᠭᠠᠯᠠᠯᠴᠠᠨᠠ᠃ ᠲᠣᠰ ᠴᠢᠭᠤᠯᠭᠠᠨ ᠪᠣᠯ ᠳᠡᠯᠡᠬᠡᠢ ᠶᠢᠨ ᠤᠯᠢᠮᠫᠢ ᠶᠢᠨ ᠬᠥᠳᠡᠯᠭᠡᠭᠡᠨ ᠤ ᠪᠣᠳᠤᠯᠭᠠ, ᠬᠥᠭᠵᠢᠯ ᠤᠨ ᠴᠢᠭ ᠬᠠᠨᠲᠤᠯᠭᠠ, ᠤᠯᠢᠮᠫᠢ ᠶᠢᠨ ᠦᠨᠡᠲᠦ ᠵᠦᠢᠯᠡᠰ ᠢ ᠲᠦᠭᠡᠭᠡᠨ ᠳᠡᠯᠭᠡᠷᠡᠭᠦᠯᠬᠦ, ᠦᠨᠳᠦᠰᠦᠨ ᠤ ᠤᠯᠢᠮᠫᠢ ᠶᠢᠨ ᠬᠤᠷᠢᠶᠤ᠋ᠨ ᠤᠨ ᠬᠠᠮᠲᠤ ᠶᠢᠨ ᠠᠵᠢᠯᠯᠠᠭᠠ ᠊ᠢᠢ ᠪᠡᠬᠢᠵᠢᠭᠦᠯᠬᠦ ᠳᠤ ᠴᠢᠭᠯᠠᠲᠩ ᠪᠢᠯᠡ.





