ᠥᠨᠥ ᠵᠢᠯ ᠳᠡᠯᠡᠬᠡᠢ ᠶᠢᠨ ᠪᠠᠭᠰᠢ ᠨᠠᠷ ᠤᠨ 31 ᠳᠠᠬᠢ,
ᠮᠣᠩᠭᠣᠯ ᠤᠨ ᠪᠠᠭᠰᠢ ᠨᠠᠷ ᠤᠨ 59 ᠳ᠋ᠡᠬᠢ ᠤᠳᠠᠭᠠ ᠶᠢᠨ
ᠪᠠᠶᠠᠷ ᠲᠤᠭᠢᠶᠠᠵᠤ ᠪᠠᠶᠢᠨᠠ᠃
ᠵᠢᠯ ᠪᠦᠷᠢ ᠶᠢᠨ 10 ᠳ᠋ᠤᠭᠠᠷ ᠰᠠᠷᠠ ᠶᠢᠨ ᠲᠠᠪᠤᠨ ᠤ ᠡᠳᠦᠷ ᠢ
ᠶᠦᠨᠧᠰᠺ ᠡᠴᠡ ᠳᠡᠯᠡᠬᠡᠢ ᠶᠢᠨ ᠪᠠᠭᠰᠢ ᠨᠠᠷ ᠤᠨ ᠡᠳᠦᠷ ᠪᠣᠯᠭᠠᠨ
1994 ᠣᠨ ᠳᠤ ᠵᠠᠷᠯᠭᠨᠰᠠᠨ ᠪᠢᠯᠡ.
ᠮᠣᠩᠭᠣᠯ ᠤᠯᠤᠰ ᠪᠠᠭᠰᠢ ᠨᠠᠷ ᠤᠨ ᠪᠠᠶᠠᠷ ᠢ 1966
ᠣᠨ ᠡᠴᠡ ᠡᠬᠢᠯᠡᠨ ᠬᠣᠶᠠᠳᠤᠭᠠᠷ ᠰᠠᠷᠠ ᠳᠤ ᠲᠠᠮᠲᠩᠯᠠᠵᠤ
ᠢᠷᠡᠭᠰᠡᠨ ᠪᠥᠭᠡᠳ ᠵᠠᠰᠠᠭ ᠤᠨ ᠭᠠᠵᠠᠷ ᠤᠨ 2013 ᠣᠨ ᠤ 412
ᠳ᠋ᠤᠭᠠᠷ ᠲᠣᠭᠲᠠᠭᠠᠯ ᠊ᠢᠢᠠᠷ, ᠮᠣᠩᠭᠣᠯ ᠤᠨ ᠪᠠᠭᠰᠢ ᠨᠠᠷ ᠤᠨ
ᠡᠳᠦᠷ ᠢ ᠵᠢᠯ ᠪᠦᠷᠢ ᠶᠢᠨ 10 ᠳ᠋ᠤᠭᠠᠷ ᠰᠠᠷᠠ ᠶᠢᠨ ᠲᠠᠪᠤᠨ ᠳᠤ
ᠲᠠᠮᠲᠩᠯᠠᠵᠤ ᠪᠠᠶᠢᠬᠤ ᠪᠠᠷ ᠥᠭᠡᠷᠡᠴᠢᠯᠡᠭᠰᠡᠨ ᠠᠵᠠᠢ.
︽ ᠪᠠᠭᠰᠢ ᠨᠠᠷ ᠤᠨ ᠪᠠᠶᠠᠷ ︾ ᠢ ᠡᠳᠦᠭᠡ ᠲᠯᠠᠭᠠᠢ ᠶᠢᠨ 100
ᠭᠠᠷᠤᠢ ᠣᠷᠣᠨ ᠳᠤ ᠲᠠᠮᠲᠩᠯᠠᠵᠤ ᠪᠠᠶᠢᠨᠠ᠃
ᠲᠣᠰ ᠪᠠᠶᠠᠷ ᠢ ᠤᠭᠲᠤᠨ, ᠨᠡᠶᠢᠰᠯᠡᠯ ᠤᠨ ᠬᠠᠨ - ᠠᠭᠤᠯᠠ
ᠳᠡᠭᠦᠷᠭᠡ ᠶᠢᠨ 34 ᠳ᠋ᠤᠭᠠᠷ ᠰᠤᠷᠭᠠᠭᠤᠯᠢ ᠶᠢᠨ ᠮᠣᠩᠭᠣᠯ ᠬᠡᠯᠡ,
ᠪᠢᠴᠢᠭ, ᠤᠷᠠᠨ ᠵᠣᠬᠢᠶᠠᠯ ᠤᠨ ᠪᠠᠭᠰᠢ, ᠲᠡᠷᠢᠭᠦᠯᠡᠬᠦ ᠵᠡᠷᠭᠡ ᠲᠠᠢ,
ᠮᠠᠭᠢᠰᠲ᠋ᠷ ᠬᠢ᠂ ᠳᠠᠸᠠᠨᠠᠰᠤᠨ ᠲᠠᠢ ᠶᠠᠷᠢᠯᠴᠭᠨᠰᠠᠨ ᠶᠢᠨ
ᠤᠩᠰᠢᠭᠴᠢ ᠲᠠᠨᠠ ᠬᠦᠷᠭᠡᠵᠦ ᠪᠠᠶᠢᠨᠠ᠃
- ᠰᠠᠶᠢᠨ ᠪᠠᠶᠢᠨᠠ ᠤᠤ? ᠲᠠᠨ ᠳᠤ ᠪᠠᠭᠰᠢ ᠨᠠᠷ ᠤᠨ
ᠪᠠᠶᠠᠷ ᠤᠨ ᠮᠡᠨᠳᠦ ᠬᠦᠷᠭᠡᠶᠡ. ᠮᠠᠨ ᠤ ᠤᠩᠰᠢᠭᠴᠢᠳ ᠳᠤ ᠥᠪᠡᠷ ᠢ ᠪᠠᠨ ᠲᠠᠨᠢᠯᠴᠠᠭᠤᠯᠤᠨᠠ ᠤᠤ.
- ᠪᠠᠶᠠᠷᠯᠠᠯᠠ. ᠨᠠᠮᠠᠶ᠋ᠢ ᠬᠢ᠂ ᠳᠠᠸᠠᠨᠠᠰᠤᠨ ᠭᠡᠳᠡᠭ. ᠪᠢ
ᠨᠡᠶᠢᠰᠯᠡᠯ ᠤᠨ 34 ᠳ᠋ᠤᠭᠠᠷ ᠰᠤᠷᠭᠠᠭᠤᠯᠢ ᠳᠤ 12 ᠳ᠋ᠡᠬᠢ ᠵᠢᠯ ᠳᠤ ᠪᠠᠨ ᠮᠣᠩᠭᠣᠯ ᠬᠡᠯᠡ, ᠪᠢᠴᠢᠭ, ᠤᠷᠠᠨ ᠵᠣᠬᠢᠶᠠᠯ ᠤᠨ ᠪᠠᠭᠰᠢ ᠪᠠᠷ ᠠᠵᠢᠯᠯᠠᠵᠤ ᠪᠠᠶᠢᠨᠠ᠃
- ᠮᠡᠷᠭᠡᠵᠢᠯ ᠶᠢᠨ ᠬᠡᠷᠬᠢᠨ ᠰᠣᠩᠭᠣᠭᠰᠠᠨ ᠪᠤᠢ?
- ᠪᠠᠭᠠ ᠡᠴᠡ ᠪᠠᠨ ᠯᠠ ᠪᠠᠭᠰᠢ ᠪᠣᠯᠬᠤ ᠰᠣᠨᠢᠷᠬᠠᠯᠲᠠᠢ
ᠪᠠᠶᠢᠭᠰᠠᠨ᠃ ᠲᠡᠷᠡ ᠳᠤᠮᠳᠠ ᠪᠠᠨ ᠮᠣᠩᠭᠣᠯ ᠬᠡᠯᠡ, ᠪᠢᠴᠢᠭ ᠤᠨ ᠪᠠᠭᠰᠢ ᠮᠡᠷᠭᠡᠵᠢᠯ ᠢᠯᠡᠭᠦᠦ ᠰᠣᠨᠢᠷᠬᠠᠯᠲᠠᠢ ᠰᠠᠨᠠᠭᠳᠠᠭᠰᠠᠨ ᠤᠴᠢᠷ ᠡᠴᠡ
ᠮᠥᠷᠥᠭᠡᠳᠦᠯ ᠶᠢᠨ ᠪᠠᠶᠠᠯᠠᠬᠯᠤᠭᠠᠳ᠂ ᠣᠳᠤ ᠮᠡᠷᠭᠡᠵᠢᠯ ᠊ᠢᠢᠠᠷ ᠶᠢᠨ
ᠠᠵᠢᠯᠯᠠᠵᠤ ᠪᠠᠶᠢᠭᠠ ᠳᠤ ᠪᠠᠨ ᠪᠠᠶᠠᠷ ᠲᠠᠢ ᠪᠠᠶᠢᠨᠠ᠃
- ᠮᠣᠩᠭᠣᠯ ᠪᠢᠴᠢᠭ ᠪᠣᠯᠤᠨ ᠺᠢᠷᠢᠯ ᠪᠢᠴᠢᠭ ᠊ᠢᠢᠠᠷ ᠬᠢᠴᠢᠶᠡᠯ
ᠵᠢᠭᠠᠬᠤ ᠳᠤ ᠰᠤᠷᠳᠨᠴᠢᠳ ᠳᠤ ᠶᠠᠮᠠᠷ ᠢᠯᠭᠠᠭᠠ, ᠪᠡᠷᠬᠡᠰᠢᠶᠡᠯ
ᠲᠤᠯᠭᠠᠷᠠᠲᠠᠭ ᠪᠤᠢ?
- ᠬᠠᠮᠤᠭ ᠤᠨ ᠲᠦᠷᠦᠭᠦᠨ ᠳᠣ᠋, ᠰᠤᠷᠳᠨᠴᠢᠳ ᠳᠤ ᠪᠠᠨ ᠡᠭᠡᠰᠢᠭ ᠵᠣᠬᠢᠴᠠᠬᠤ ᠶᠣᠰᠣ ᠊ᠢᠢ ᠮᠠᠰᠢ ᠰᠠᠶᠢᠨ ᠣᠶᠢᠯᠠᠭᠠᠭᠤᠯᠬᠤ ᠶᠣᠰᠣᠲᠠᠢ ᠪᠣᠯᠪᠠᠤ. ᠡᠭᠦᠨ ᠢ ᠮᠡᠳᠡᠵᠦ ᠪᠠᠶᠢᠵᠤ᠂ ᠴᠢᠨᠠᠭᠰᠢᠳᠠ ᠮᠣᠩᠭᠣᠯ ᠪᠢᠴᠢᠭ ᠢ ᠰᠠᠶᠢᠨ ᠰᠤᠷᠬᠤ ᠦᠨᠳᠡᠰᠦ ᠲᠠᠯᠪᠢᠭᠲᠠᠨᠠ᠃
ᠮᠥᠨ ᠮᠣᠩᠭᠣᠯ ᠪᠢᠴᠢᠭ ᠤᠨ ᠦᠰᠦᠭ ᠦᠭᠡ ᠶᠢᠨ ᠡᠬᠢᠨ ᠳᠣ᠋, ᠳᠤᠮᠳᠠ, ᠠᠳᠠᠭ ᠳᠤ ᠣᠷᠣᠳᠠᠭ ᠥᠭᠡᠷᠡ ᠥᠭᠡᠷᠡ ᠬᠡᠯᠪᠡᠷᠢ ᠲᠠᠢ ᠊ᠢᠢ ᠲᠠᠨᠢᠭᠤᠯᠵᠤ᠂ ᠲᠣᠭᠲᠠᠭᠠᠯᠭᠠᠬᠤ ᠬᠡᠷᠡᠭᠲᠡᠢ ᠪᠣᠯᠳᠠᠭ.
- ᠮᠣᠩᠭᠣᠯ ᠪᠢᠴᠢᠭ ᠶᠢᠨ ᠰᠤᠷᠬᠤ, ᠰᠤᠷᠭᠠᠬᠤ ᠶᠢᠨ ᠠᠴᠢ
ᠬᠣᠯᠪᠣᠭᠳᠠᠯ ᠢ ᠲᠠ ᠬᠡᠷᠬᠢᠨ ᠲᠣᠳᠣᠷᠬᠠᠶᠢᠯᠠᠬᠤ ᠪᠤᠢ?
- ᠮᠣᠩᠭᠣᠯ ᠬᠦᠮᠦᠨ ᠥᠪᠡᠷ ᠤᠨ ᠬᠡᠯᠡ, ᠪᠢᠴᠢᠭ ᠢ ᠭᠠᠷᠩᠯᠠᠬ᠂
ᠳᠡᠯᠭᠡᠷᠡᠭᠦᠯᠬᠦ ᠢᠨᠦ ᠮᠠᠰᠢ ᠴᠢᠬᠤᠯᠠ ᠠᠴᠢ ᠬᠤᠯᠪᠨᠲᠠᠯᠲᠠᠢ᠃ ᠮᠣᠩᠭᠣᠯ ᠬᠦᠮᠦᠨ ᠪᠠᠶᠢᠬᠤ ᠶᠢᠨ ᠨᠢᠭᠡᠨ ᠤᠳᠬᠠ ᠤᠴᠢᠷ ᠠᠨᠤ ᠮᠣᠩᠭᠣᠯ ᠪᠢᠴᠢᠭ ᠮᠥᠨ ᠡᠴᠡ ᠪᠠᠨ ᠮᠥᠨ ᠭᠡᠵᠦ ᠪᠣᠳᠣᠳᠠᠭ ᠳ᠋ᠠ᠃
- ᠲᠠᠨ ᠤ ᠱᠠᠪᠢ ᠨᠠᠷ ᠡᠴᠡ ᠮᠣᠩᠭᠣᠯ ᠪᠢᠴᠢᠭ ᠳᠤ ᠰᠣᠨᠢᠷᠬᠠᠯᠲᠠᠢ, ᠠᠪᠢᠶᠠᠰᠲᠠᠢ ᠬᠡᠦᠬᠡᠳ ᠣᠯᠠᠨ ᠪᠠᠶᠢᠳᠠᠭ ᠤᠤ?
- ᠮᠠᠨ ᠤ ᠱᠠᠪᠢ ᠡᠴᠡ ᠮᠣᠩᠭᠣᠯ ᠬᠡᠯᠡ, ᠪᠢᠴᠢᠭ ᠳᠤ ᠪᠠᠨ ᠰᠣᠨᠢᠷᠬᠠᠯᠲᠠᠢ, ᠠᠪᠢᠶᠠᠰᠯᠢᠭ ᠬᠡᠦᠬᠡᠳ ᠤᠳ ᠴᠥᠭᠡᠨ ᠦᠭᠡᠢ ᠪᠠᠶᠢᠳᠠᠭ.
2024 ᠣᠨ ᠳᠤ ᠬᠣᠶᠠᠷ ᠠᠩᠭᠢ ᠊ᠢᠢ ᠤᠯᠤᠰ ᠤᠨ ᠲᠥᠷᠦᠯᠵᠢᠭᠰᠡᠨ
ᠣᠯᠢᠮᠫᠢᠶᠠᠳ᠋ ᠳᠤ ᠪᠡᠯᠡᠳᠬᠡᠨ ᠤᠷᠤᠯᠴᠠᠭᠤᠯᠳᠨᠰᠠᠨ᠃ ᠶᠢᠰᠦ ᠶᠢᠨ ︽ ᠶᠠ ︾ ᠠᠩᠭᠢ ᠮᠠᠨᠢ ︽ ᠰᠠᠶᠢᠬᠠᠨ ᠪᠢᠴᠢᠭᠲᠠᠨ ᠠᠩᠭᠢ ︾ ᠲᠥᠷᠥᠯ ᠳᠤ ᠳᠡᠭᠦᠷᠭᠡ ᠳᠤ ᠪᠠᠨ
ᠬᠣᠶᠠᠳᠤᠭᠠᠷ ᠪᠠᠶᠢᠷᠢ ᠡᠵᠡᠯᠡᠭᠰᠡᠨ. ᠨᠡᠶᠢᠰᠯᠡᠯ ᠳᠤ ᠴᠤ ᠮᠥᠨ ᠠᠮᠵᠢᠯᠲᠠ ᠲᠠᠢ ᠣᠷᠣᠯᠴᠠᠭᠰᠠᠨ.
11 ᠶᠢᠨ ︽ ᠭᠠ ︾ ᠠᠩᠭᠢ ᠮᠠᠨᠢ ᠠᠩᠭᠢ ᠨᠡᠶᠢᠲᠡ ᠶᠢᠨ ᠤᠩᠰᠢᠯᠭᠠ ᠶᠢᠨ ᠣᠯᠢᠮᠫᠢᠶᠠᠳ᠋ ᠳᠤ ᠳᠡᠭᠦᠷᠭᠡ,
ᠨᠡᠶᠢᠰᠯᠡᠯ ᠳᠤ ᠲᠦᠷᠦᠭᠦᠯᠡᠭᠡᠳ, ᠴᠢᠨᠠᠭᠰᠢ ᠤᠯᠤᠰ ᠤᠨ
ᠣᠯᠢᠮᠫᠢᠶᠠᠳ᠋ ᠳᠤ ᠣᠷᠣᠯᠴᠠᠵᠤ, ᠨᠢ᠋ᠮᠠᠲᠤᠭᠠᠷ ᠪᠠᠶᠢᠷᠢ ᠳᠤ ᠰᠢᠯᠭᠠᠷᠠᠵᠤ ᠪᠠᠶᠢᠭᠰᠠᠨ᠃
ᠡᠬᠡ ᠬᠡᠯᠡ ᠪᠢᠴᠢᠭ ᠶᠢᠨ ᠰᠤᠨᠢᠷᠭᠨᠨ ᠰᠤᠲᠤᠯᠲᠠᠭ ᠱᠠᠪᠢ ᠨᠠᠷ ᠊ᠢᠢᠠᠷ ᠶᠢᠨ ᠶᠡᠬᠡ ᠪᠠᠬᠠᠷᠬᠠᠳᠠᠭ.
- ᠲᠠᠨᠠᠢ ᠰᠤᠷᠭᠠᠭᠤᠯᠢ ᠶᠢᠨ ᠰᠤᠷᠳᠨᠴᠢᠳ
︽ ᠬᠦᠮᠦᠨ ᠪᠢᠴᠢᠭ ︾ ᠰᠣᠨᠢᠨ ᠢ ᠲᠣᠭᠲᠠᠮᠠᠯ, ᠣᠯᠠᠨ ᠲᠣᠭᠠ ᠪᠠᠷ ᠵᠠᠭᠢᠶᠠᠯᠠᠲᠠᠭ᠃ ᠡᠨᠡ ᠰᠣᠨᠢᠨ ᠤ ᠡᠷᠢᠯᠲᠡ, ᠦᠷᠡ ᠦᠭᠬᠭᠠᠵᠢ ᠶᠡᠬᠡ
ᠪᠠᠶᠢᠨᠠ ᠤᠤ?
- ᠮᠠᠨ ᠤ ᠰᠤᠷᠭᠠᠭᠤᠯᠢ ᠪᠣᠯᠤᠨ ᠮᠢᠨᠦ ᠪᠡᠶᠡ
ᠰᠤᠷᠳᠨᠴᠢᠳ ᠳᠤ ᠪᠠᠨ ︽ ᠬᠦᠮᠦᠨ ᠪᠢᠴᠢᠭ ︾ ᠰᠣᠨᠢᠨ ᠢ ᠲᠣᠭᠲᠠᠮᠠᠯ ᠵᠠᠭᠢᠶᠠᠯᠠᠨ ᠤᠩᠰᠢᠭᠤᠯᠵᠤ, ᠬᠢᠴᠢᠶᠡᠯ
ᠰᠤᠷᠭᠠᠯᠲᠠ ᠳᠤ ᠪᠠᠨ ᠠᠰᠢᠭᠯᠠᠵᠤ ᠬᠡᠪᠰᠢᠭᠰᠡᠨ. ᠡᠭᠦᠨ ᠤ ᠳᠤᠰᠠ ᠳᠠᠮᠠ ᠳᠤᠩ ᠶᠡᠬᠡ. ᠪᠢᠴᠢᠭ ᠤᠨ ᠬᠡᠪ ᠢ ᠢᠨᠦ ᠵᠢᠭᠳᠡ ᠪᠣᠯᠭᠠᠬᠤ, ᠰᠠᠶᠢᠬᠠᠨ ᠪᠢᠴᠢᠳᠡᠭ ᠪᠣᠯᠭᠠᠬᠤ ᠳᠤ ᠲᠦᠯᠬᠢᠭᠦᠦ ᠠᠰᠢᠭᠯᠠᠵᠤ ᠪᠠᠶᠢᠨᠠ᠃ ᠡᠭᠦᠨ ᠡᠴᠡ ᠭᠠᠳᠠᠨᠠ, ᠰᠤᠷᠳᠨᠴᠢᠳ ᠮᠠᠨᠢ ᠰᠤᠷᠬᠤ ᠪᠢᠴᠢᠭ ᠳᠤ ᠢᠨᠦ ᠪᠠᠶᠢᠬᠤ ᠦᠭᠡᠢ᠂ ᠰᠫᠣᠷᠲ, ᠰᠤᠶᠤᠯ ᠤᠷᠠᠯᠢᠭ ᠤᠨ ᠪᠣᠯᠤᠨ
ᠳᠡᠯᠡᠬᠡᠢ ᠶᠢᠨ ᠮᠡᠳᠡᠭᠡ ᠨᠤᠬᠳ ᠢ ᠵᠠᠭᠢᠶᠠᠯᠭᠨᠰᠠᠨ
ᠰᠣᠨᠢᠨ ᠡᠴᠡ ᠪᠠᠨ ᠲᠣᠭᠲᠠᠮᠠᠯ ᠤᠩᠰᠢᠬᠤ ᠶᠡᠬᠡ
ᠳᠤᠷᠠᠲᠠᠢ ᠪᠠᠶᠢᠳᠠᠭ. ᠰᠣᠨᠢᠷᠬᠠᠯᠲᠠᠢ ᠮᠡᠳᠡᠭᠡ,
ᠮᠡᠳᠡᠭᠡᠯᠡᠯ ᠢ ᠤᠩᠰᠢᠭᠰᠠᠨ ᠊ᠢᠢᠠᠷ ᠤᠩᠰᠢᠬᠤ ᠴᠢᠳᠠᠪᠤᠷᠢ ᠠᠨᠤ ᠴᠤ ᠰᠠᠶᠢᠵᠢᠷᠠᠵᠤ ᠪᠠᠶᠢᠭᠠ ᠠᠨᠤ
ᠠᠵᠢᠭᠯᠭᠨᠲᠭᠨᠰᠠᠨ᠃
- ᠴᠠᠬᠢᠮ ᠭᠠᠷᠩᠯᠠᠭᠠᠠ ᠬᠥᠭᠵᠢᠭᠰᠡᠨ ᠥᠨᠥ
ᠦᠶᠡ ᠳᠣ᠋, ᠰᠤᠷᠳᠨᠴᠢᠳ ᠮᠣᠩᠭᠣᠯ
ᠪᠢᠴᠢᠭ ᠊ᠢᠢᠠᠷ ᠬᠢ ᠰᠣᠨᠢᠨ, ᠭᠠᠪᠯᠠᠯ ᠢ ᠰᠤᠨᠢᠷᠭᠨᠨ ᠤᠩᠰᠢᠵᠤ ᠪᠠᠶᠢᠭᠠ ᠠᠨᠤ ᠨᠠᠳᠤᠷ ᠴᠤ ᠮᠥᠨ ᠤᠷᠮᠠ ᠲᠠᠢ ᠰᠠᠨᠠᠭᠳᠠᠯᠠ,,,?
- ᠲᠡᠬᠡᠯ ᠦᠭᠡᠢ ᠶᠠᠭᠠᠭᠢᠬᠤ ᠪᠤᠢ. ᠮᠡᠳᠡᠭᠡ
ᠮᠡᠳᠡᠭᠡᠯᠡᠯ ᠢ ᠴᠠᠬᠢᠮ ᠣᠷᠴᠢᠨ ᠡᠴᠡ ᠬᠤᠷᠳᠤᠨ
ᠰᠢᠭᠤᠷᠬᠠᠢ ᠬᠠᠷᠠᠵᠤ ᠪᠣᠯᠬᠤ ᠴᠤ ᠡᠭᠦᠨ ᠲᠠᠢ ᠵᠡᠷᠭᠡᠴᠡᠭᠡᠳ ᠤᠯᠠᠮᠵᠢᠯᠠᠯᠲᠤ ᠨᠣᠮ ᠰᠣᠨᠢᠨ, ᠢᠯᠩᠭᠤᠶᠠ
ᠦᠨᠳᠦᠰᠦᠨ ᠤ ᠪᠢᠴᠢᠭ ᠊ᠢᠢᠠᠷ ᠶᠢᠨ ᠲᠠᠨᠢᠨ ᠮᠠᠲᠠᠬᠢ ᠶᠢᠨ ᠮᠡᠳᠡᠭᠡᠯᠡᠯ ᠢ ᠴᠠᠭᠠᠰᠤᠨ ᠡᠬᠡ ᠪᠠᠷ ᠢᠨᠦ ᠤᠩᠰᠢᠵᠤ,
ᠮᠡᠳᠡᠭᠡᠯᠡᠯ ᠡᠴᠡ ᠭᠠᠳᠠᠨᠠ ᠮᠣᠩᠭᠣᠯ ᠪᠢᠴᠢᠭ ᠤᠨ
ᠮᠡᠳᠡᠯᠭᠡ ᠪᠠᠨ ᠴᠤ ᠨᠡᠮᠡᠭᠳᠡᠭᠦᠯᠵᠦ ᠪᠠᠶᠢᠭᠠ ᠠᠨᠤ ᠳᠤᠩ ᠰᠠᠶᠢᠨ ᠦᠢᠯᠡᠰ ᠰᠢᠦ ᠳ᠋ᠠ᠃
- ᠲᠠ ᠮᠣᠩᠭᠣᠯ ᠪᠢᠴᠢᠭ ᠤᠨ ᠲᠤᠭᠦ᠋ᠢᠯᠭᠩ
ᠭᠢᠴᠢᠶᠠᠯᠯᠠᠬᠯᠲᠩ᠃ ᠡᠨᠡ ᠲᠠᠯᠠ ᠪᠠᠷ ᠶᠢᠨ ᠮᠡᠳᠡᠭᠡᠯᠡᠯ ᠥᠭᠭᠦᠨᠡ ᠤᠤ.
- ︽ ᠭᠡᠭᠡᠨ ᠡᠭᠡᠰᠢᠭ ︾ ᠬᠡᠮᠡᠬᠦ ᠮᠣᠩᠭᠣᠯ ᠪᠢᠴᠢᠭ ᠤᠨ ᠳᠤᠭᠤᠶᠢᠯᠠᠩ ᠢ ᠭᠤᠷᠪᠠᠳᠠᠬᠢ ᠵᠢᠯ ᠳᠤ ᠪᠠᠨ ᠭᠢᠴᠢᠶᠠᠯᠯᠠᠬᠯᠵᠤ ᠪᠠᠶᠢᠨᠠ᠃ ᠨᠢᠳᠤᠨᠤᠨ ᠵᠢᠯ ᠱᠠᠪᠢ ᠨᠠᠷ ᠮᠠᠨᠢ ᠨᠡᠶᠢᠰᠯᠡᠯ ᠤᠨ ᠬᠡᠮᠵᠢᠶᠡᠨ ᠳᠤ ︽ ᠮᠣᠩᠭᠣᠯ ᠤᠨ ᠨᠢᠭᠤᠴᠠ ᠲᠤᠪᠴᠢᠶᠠᠨ ︾
ᠰᠠᠲᠤᠪᠲᠤ ᠦᠵᠡᠰᠬᠦᠯᠡᠩ ᠢ ᠰᠤᠷᠭᠠᠭᠤᠯᠢ ᠳᠤ ᠪᠠᠨ
ᠭᠠᠷᠭᠠᠵᠤ, ᠡᠴᠢᠭᠡ ᠡᠬᠡ, ᠰᠤᠷᠳᠨᠴᠢᠳ᠂ ᠮᠣᠩᠭᠣᠯ ᠬᠡᠯᠡ, ᠪᠢᠴᠢᠭ ᠤᠨ ᠪᠠᠭᠰᠢ ᠨᠠᠷ ᠳᠤ ᠲᠤᠯᠢᠯᠠᠭᠤᠯᠳᠨᠰᠠᠨ᠃ ᠡᠨᠡ ᠵᠢᠯ ᠰᠢᠨᠡ ᠡᠯᠰᠩᠴᠢᠳ ᠶᠢᠨ ᠠᠪᠤᠭᠠᠳ ᠲᠡᠮᠡᠴᠡᠭᠡᠨ ᠤᠷᠤᠯᠳᠤᠭᠠᠨ ᠳᠤ ᠪᠡᠯᠡᠳᠬᠡᠨ ᠤᠷᠤᠯᠴᠠᠭᠤᠯᠵᠤ ᠡᠬᠢᠯᠡᠭᠡᠳ ᠪᠠᠶᠢᠨᠠ᠃
ᠰᠠᠶ᠋ᠢᠬᠠᠨ ᠬᠢᠲᠠᠳ, ᠮᠣᠩᠭᠣᠯ ᠤᠨ ᠨᠠᠶᠢᠷᠠᠮᠳᠠᠯᠲᠤ
ᠬᠠᠷᠢᠯᠴᠠᠭᠠᠨ ᠤ 75 ᠵᠢᠯ ᠤᠨ ᠣᠢ ᠳᠤ ᠵᠣᠷᠢᠭᠤᠯᠤᠭᠰᠠᠨ
︽ ᠥᠩᠭᠡ ᠪᠠᠷ ᠤᠷᠠᠯᠠᠭᠰᠠᠨ ᠨᠥᠬᠥᠷᠯᠡᠯ ︾ ᠬᠡᠮᠡᠬᠦ
ᠲᠡᠮᠡᠴᠡᠭᠡᠨ ᠳᠤ ᠳᠤᠭᠤᠶᠢᠯᠠᠩ ᠤᠨ ᠰᠤᠷᠳᠨᠴᠢᠳ ᠮᠠᠨᠢ
ᠠᠮᠵᠢᠯᠲᠠ ᠲᠠᠢ ᠣᠷᠣᠯᠴᠠᠭᠰᠠᠨ. ᠡᠭᠦᠨ ᠡᠴᠡ 11 ᠶᠢᠨ
︽ ᠸᠠ ︾ ᠠᠩᠭᠢ ᠶᠢᠨ ᠰᠤᠷᠤᠭᠴᠢ ᠪᠠ᠂ ᠴᠡᠯᠮᠡᠭᠦᠨ ᠨᠢᠭᠡᠳᠦᠭᠡᠷ ᠪᠠᠶᠢᠷᠢ, 10 ᠶᠢᠨ ︽ ᠸ ︾ ᠠᠩᠭᠢ ᠶᠢᠨ ᠰᠤᠷᠤᠭᠴᠢ
ᠪᠠ᠂ ᠨᠣᠮᠢᠨᠱᠠᠭᠠ ᠬᠣᠶᠠᠳᠤᠭᠠᠷ ᠪᠠᠶᠢᠷᠢ ᠳᠤ ᠲᠣᠰ ᠲᠣᠰ
ᠰᠢᠯᠭᠠᠷᠠᠭᠰᠠᠨ. ᠡᠶᠢᠮᠦ ᠰᠠᠶᠢᠬᠠᠨ ᠠᠮᠵᠢᠯᠲᠠ ᠲᠠᠢ ᠪᠠᠷ ᠬᠢᠴᠢᠶᠡᠯ ᠤᠨ ᠵᠢᠯ ᠶᠢᠨ ᠡᠬᠢᠯᠡᠭᠦᠯᠦᠭᠡᠳ ᠪᠠᠶᠢᠨᠠ᠃
- ᠪᠠᠭᠰᠢ ᠮᠡᠷᠭᠡᠵᠢᠯ ᠤᠨ ᠬᠠᠮᠤᠭ ᠤᠨ ᠪᠠᠭᠨᠷᠭᠨᠯᠲᠠᠢ ᠠᠨᠤ ᠶᠠᠭᠤ ᠪᠤᠢ?
- ᠵᠢᠭᠠᠵᠤ, ᠰᠤᠷᠭᠭᠭᠰᠠᠨ ᠵᠦᠢᠯ ᠢ ᠮᠠᠨᠢ
ᠬᠡᠦᠬᠡᠳ ᠤᠳ ᠰᠣᠷᠣᠭᠠᠳ, ᠲᠦᠪᠰᠢᠨ ᠶᠢᠨ ᠠᠬᠢᠭᠤᠯᠬᠤ, ᠠᠮᠵᠢᠯᠲᠠ ᠲᠠᠢ ᠰᠠᠶᠢᠨ ᠰᠤᠷᠤᠯᠴᠠᠬᠤ ᠯᠠ ᠶᠤᠮ ᠳ᠋ᠠ᠃ ᠡᠨᠡ ᠯᠠ ᠬᠠᠮᠤᠭ ᠤᠨ ᠪᠠᠭᠨᠷᠭᠨᠮᠠ᠂ ᠵᠢᠷᠭᠠᠯᠲᠠᠢ ᠮᠥᠴᠡ ᠪᠠᠶᠢᠳᠠᠭ.
- ᠪᠠᠶᠠᠷᠯᠠᠯᠠ.
ᠪᠠ᠂ ᠭᠠᠷᠮᠠ





