ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠢᠪᠡᠭᠡᠯ ᠳᠤ ᠵᠣᠬᠢᠶᠠᠨ ᠪᠠᠶᠢᠭᠤᠯᠵᠤ ᠪᠤᠢ ︽ ᠮᠣᠩᠭᠣᠯ ᠰᠤᠳᠤᠯᠤᠯ= ᠤᠯᠠᠮᠵᠢᠯᠠᠯ ᠪᠠ ᠣᠷᠴᠢᠨ ᠦᠶᠡ ︾ ᠣᠯᠠᠨ ᠤᠯᠤᠰ ᠤᠨ ᠮᠣᠩᠭᠣᠯᠴᠢ ᠡᠷᠳᠡᠮᠲᠡᠨ ᠤ 13 ᠳ᠋ᠤᠭᠠᠷ ᠶᠡᠬᠡ ᠬᠤᠷᠠᠯ ᠰᠠᠯᠪᠤᠷᠢ ᠬᠤᠷᠠᠯᠳᠤᠭᠠᠨ ᠊ᠢᠢᠠᠷ ᠦᠷᠭᠦᠯᠵᠢᠯᠡᠵᠦ ᠪᠠᠶᠢᠨᠠ᠃ ︽ ᠵᠠᠰᠠᠭ ︾ ᠭᠡᠳᠡᠭ ᠦᠭᠡ ᠲᠠᠲᠠᠪᠤᠷᠢ ᠬᠡᠮᠡᠭᠰᠡᠨ ᠤᠳᠬᠠ ᠲᠠᠢ ᠪᠠᠢᠢᠪᠠᠢ᠃ ᠮᠣᠩᠭᠣᠯ ᠬᠡᠯᠡ ᠰᠤᠳᠤᠯᠤᠯ ᠤᠨ ᠰᠠᠯᠪᠤᠷᠢ ᠬᠤᠷᠠᠯᠳᠤᠭᠠᠨ ᠳᠤ ᠰᠤᠳᠤᠯᠤᠭᠠᠴᠢ ᠱᠠ᠂ ᠪᠠᠲᠤᠲᠡᠭᠦᠰ ︽ ᠳᠤᠮᠳᠠᠳᠤ ᠦᠶᠡ ᠶᠢᠨ ᠮᠣᠩᠭᠣᠯ ᠪᠢᠴᠢᠭ ᠤᠨ ᠳᠤᠷᠠᠰᠬᠠᠯ ᠤᠨ ᠦᠭᠡ ᠶᠢᠨ ᠰᠠᠩ ᠤᠨ ᠣᠨᠴᠠᠯᠢᠭ ︾ ᠰᠡᠳᠦᠪ ᠊ᠢᠢᠠᠷ ᠢᠯᠡᠳᠬᠡᠯ ᠭᠠᠯᠠᠯᠴᠠᠬᠯᠤᠭ᠍ᠰᠠᠨ ᠶᠤᠮ᠃ ᠲᠡᠷᠡ ᠪᠠᠷ ᠢᠯᠡᠳᠬᠡᠯ ᠳᠤ ᠪᠠᠨ᠂ ︽ ᠪᠢᠴᠢᠭ ᠤᠨ ᠳᠤᠷᠠᠰᠬᠠᠯ ᠳ᠋ᠡᠬᠢ ᠦᠭᠡ ᠬᠡᠯᠡᠯᠭᠡ ᠢᠨᠦ ᠲᠤᠬᠠᠢ ᠶᠢᠨ ᠨᠡᠶᠢᠭᠡᠮ, ᠴᠠᠭ ᠦᠶᠡ ᠶᠢᠨ ᠲᠤᠰᠬᠠᠯ ᠤᠴᠢᠷ ᠲᠡᠦᠬᠡ, ᠡᠳ᠋ ᠤᠨ ᠰᠤᠶᠤᠯ ᠤᠨ ᠴᠢᠬᠤᠯᠠ ᠪᠠᠷᠢᠮᠲᠠ ᠪᠣᠯᠳᠠᠭ ︾ ᠲᠤᠬᠠᠢ ᠲᠤᠲᠤᠳᠭᠨᠵᠠᠢ᠃ ᠲᠤᠬᠠᠶᠢᠯᠠᠪᠠᠯ, 13 - 14 ᠳ᠋ᠤᠭᠠᠷ ᠵᠠᠭᠤᠨ ᠤ ᠦᠶᠡ ᠶᠢᠨ ᠳᠤᠷᠠᠰᠬᠠᠯ ᠳᠤ ᠶᠡᠬᠡᠬᠡᠨ ᠲᠤᠭᠢᠶᠠᠯᠲᠤᠲᠠᠭ ︽ ᠵᠠᠰᠠᠭ ︾ ᠬᠡᠮᠡᠬᠦ ᠦᠭᠡ ᠲᠤᠬᠠᠢ ᠶᠢᠨ ᠦᠶᠡ ᠳᠤ ᠲᠠᠲᠠᠪᠤᠷᠢ ᠬᠡᠮᠡᠭᠰᠡᠨ ᠤᠳᠬᠠ ᠲᠠᠢ ᠪᠠᠶᠢᠭᠰᠠᠨ ᠪᠣᠯ ᠣᠳᠤ ᠵᠠᠰᠠᠭ ᠤᠨ ᠭᠠᠵᠠᠷ, ᠡᠳ᠋ ᠤᠨ ᠵᠠᠰᠠᠭ ᠭᠡᠬᠦᠴᠢᠯᠡᠨ ᠤᠳᠬᠠ ᠠᠨᠤ ᠦᠷᠭᠠᠵᠢᠵᠠᠢ᠃ ᠲᠡᠭᠦᠨᠴᠢᠯᠡᠨ 13 - 14 ᠳ᠋ᠤᠭᠠᠷ ᠵᠠᠭᠤᠨ ᠤ ᠦᠶᠡ ᠶᠢᠨ ᠳᠤᠷᠠᠰᠬᠠᠯ ᠳ᠋ᠡᠬᠢ ᠣᠯᠠᠨ ᠦᠭᠡ ᠬᠡᠯᠡᠯᠭᠡ ᠊ᠢᠢ ᠵᠠᠷᠢᠮ ᠰᠤᠳᠤᠯᠤᠭᠠᠴᠢ ᠲᠦᠷᠦᠭ, ᠠᠷᠠᠪ, ᠫᠧᠷᠰ ᠭᠠᠷᠤᠯᠲᠠᠢ ᠭᠡᠳᠡᠭ ᠴᠤ ᠰᠤᠲᠤᠯᠭᠠᠨ ᠤ ᠶᠠᠪᠤᠴᠠ ᠳᠤ ᠠᠯᠲᠠᠢ ᠢᠵᠠᠭᠤᠷ ᠤᠨ ᠳᠤᠮᠳᠠ ᠶᠢᠨ ᠦᠭᠡ, ᠵᠠᠷᠢᠮ ᠠᠨᠤ ᠤᠤᠭᠠᠯ ᠮᠣᠩᠭᠣᠯ ᠦᠭᠡ ᠪᠠᠶᠢᠬᠤ ᠪᠠᠷᠢᠮᠲᠠ ᠴᠥᠭᠡᠨ ᠦᠭᠡᠢ ᠪᠠᠶᠢᠭᠠ ᠊ᠢᠢ ᠲᠡᠷᠡ ᠪᠠᠷ ᠢᠯᠡᠳᠬᠡᠯ ᠳᠤ ᠪᠠᠨ ᠳᠤᠷᠠᠳᠴᠠᠢ.





.jpg&w=1600&q=75)