ᠮᠣᠩᠭᠣᠯ ᠤᠯᠤᠰ ᠤᠨ ᠦᠨᠳᠦᠰᠦᠨ ᠬᠠᠤᠯᠢ ᠪᠠᠷ ᠬᠦᠯᠢᠶᠡᠭᠰᠡᠨ ᠢᠷᠭᠡᠨ ᠤ ᠴᠡᠷᠢᠭ ᠤᠨ ᠡᠭᠦᠷᠭᠡ ᠪᠠᠨ ᠪᠠᠶᠠᠯᠠᠬᠯᠳ᠂ ︽ ᠣᠶᠤᠲᠠᠨ ᠴᠡᠷᠢᠭ ︾ ᠴᠡᠷᠢᠭ ᠤᠨ ᠮᠡᠷᠭᠡᠵᠢᠯ ᠤᠯᠭᠤᠬᠤ ᠰᠤᠷᠭᠠᠯᠲᠠ ᠳᠤ ᠠᠮᠵᠢᠯᠲᠠ ᠲᠠᠢ ᠬᠠᠮᠤᠷᠤᠭᠳᠠᠵᠤ, ᠴᠡᠷᠢᠭ ᠤᠨ ᠠᠯᠪᠠᠨ ᠤ ᠮᠡᠳᠡᠯᠭᠡ, ᠴᠢᠳᠠᠪᠤᠷᠢ ᠡᠵᠠᠮᠰᠢᠨ᠂ ᠡᠬᠡ ᠣᠷᠣᠨ ᠳᠤ ᠪᠠᠨ ᠦᠨᠡᠨᠴᠢ ᠪᠠᠶᠢᠬᠤ ᠠᠮᠠᠯᠠᠯᠲᠠ ᠥᠭᠭᠦᠭᠰᠡᠨ ᠣᠶᠤᠲᠠᠨ ᠵᠠᠯᠠᠭᠤᠰ ᠤᠨ ᠴᠡᠷᠢᠭ ᠤᠨ ᠲᠠᠩᠭᠠᠷᠢᠭ ᠡᠷᠭᠦᠬᠦ ᠶᠣᠰᠣᠯᠠᠯ ᠪᠣᠯᠤᠯᠠ. ᠮᠣᠩᠭᠣᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭᠠ ᠪᠠᠷ 2014 ᠣᠨ ᠡᠴᠡ ᠡᠬᠢᠯᠡᠨ ᠬᠡᠷᠡᠭᠵᠢᠭᠦᠯᠵᠦ ᠪᠤᠢ ︽ ᠣᠶᠤᠲᠠᠨ ᠴᠡᠷᠢᠭ ︾ ᠬᠥᠲᠥᠯᠪᠦᠷᠢ ᠢᠨᠦ ᠴᠡᠷᠢᠭ ᠤᠨ ᠠᠯᠪᠠᠨ ᠤ ᠲᠤᠬᠠᠢ ᠬᠠᠤᠯᠢ ᠶᠢᠨ ᠨᠡᠮᠡᠯᠲᠡ, ᠥᠭᠡᠷᠡᠴᠢᠯᠡᠯᠲᠡ ᠪᠣᠯᠤᠨ ᠵᠠᠰᠠᠭ ᠤᠨ ᠭᠠᠵᠠᠷ ᠤᠨ ᠲᠣᠭᠲᠠᠭᠠᠯ ᠊ᠢᠢᠠᠷ ᠤᠯᠠᠮ ᠪᠣᠯᠪᠠᠰᠤᠷᠠᠩᠭᠤᠢ ᠪᠣᠯᠵᠤ, ᠨᠢᠭᠡ ᠡᠴᠡ ᠭᠤᠷᠪᠠᠳᠤᠭᠠᠷ ᠲᠦᠪᠰᠢᠨ ᠤ ᠣᠶᠤᠲᠠᠨ ᠨᠤᠭᠤᠳ ᠬᠠᠮᠤᠷᠤᠭᠳᠠᠬᠤ ᠪᠣᠯᠤᠮᠵᠢ ᠲᠠᠢ ᠪᠣᠯᠤᠭᠰᠠᠨ ᠊ᠢᠢᠠᠷ ᠴᠡᠷ ᠬᠦᠷᠢᠶᠡ ᠢᠨᠦ ᠤᠯᠠᠮ ᠦᠷᠭᠠᠵᠢᠵᠤ ᠪᠠᠶᠢᠨᠠ᠃ ᠡᠨᠡ ᠵᠢᠯ ᠤᠨ ᠰᠤᠷᠭᠠᠯᠲᠠ ᠳᠤ ᠤᠯᠤᠰ ᠤᠨ ᠬᠡᠮᠵᠢᠶᠡᠨ ᠳᠤ 65 ᠶᠡᠬᠡ ᠳᠡᠭᠡᠳᠦ ᠰᠤᠷᠭᠠᠭᠤᠯᠢ, ᠮᠡᠷᠭᠡᠵᠢᠯ ᠰᠤᠷᠭᠠᠯᠲᠠ ᠶᠢᠨ ᠪᠠᠢᠢᠭᠤᠯᠤᠯᠭᠠ ᠶᠢᠨ 2000 ᠭᠠᠷᠤᠢ ᠣᠶᠤᠲᠠᠨ ᠵᠠᠯᠠᠭᠤᠰ ᠦᠨᠳᠦᠰᠦᠨ ᠤ ᠪᠠᠲᠤᠯᠠᠨ ᠬᠠᠮᠠᠭᠠᠯᠠᠬᠤ ᠶᠢᠨ ᠶᠡᠬᠡ ᠰᠤᠷᠭᠠᠭᠤᠯᠢ ᠪᠣᠯᠤᠨ ᠵᠡᠪᠰᠡᠭᠲᠦ ᠬᠦᠴᠦᠨ ᠤ ᠨᠡᠶᠢᠲᠡ 11 ᠠᠩᠭᠢ ᠶᠢᠨ ᠪᠠᠶᠢᠷᠢᠨ ᠳᠤ ᠠᠮᠵᠢᠯᠲᠠ ᠲᠠᠢ ᠬᠠᠮᠤᠷᠤᠭᠳᠠᠵᠤ ᠲᠡᠭᠦᠰᠴᠡᠢ.


