ᠮᠣᠩᠭᠣᠯ ᠤᠯᠤᠰ ᠤᠨ ᠰᠢᠳᠠᠷ ᠰᠠᠶᠢᠳ ᠨᠢ, ᠨᠤᠮᠲᠢ᠋ᠢᠪᠠᠶᠠᠷ ᠦᠨᠳᠦᠰᠦᠨ ᠤ ᠶᠡᠬᠡ ᠪᠠᠶᠠᠷ ᠨᠠᠭᠠᠳᠤᠮ ᠵᠣᠬᠢᠶᠠᠨ ᠪᠠᠶᠢᠭᠤᠯᠤᠭᠰᠠᠨ ᠳ᠋ᠦᠩ ᠤᠨ ᠲᠠᠯᠠ ᠪᠠᠷ ᠵᠠᠰᠠᠭ ᠤᠨ ᠭᠠᠵᠠᠷ ᠤᠨ
ᠬᠤᠷᠠᠯᠳᠤᠭᠠᠨ ᠳᠤ ᠲᠠᠨᠢᠯᠴᠠᠭᠤᠯᠤᠯᠠ.
ᠡᠭᠦᠨ ᠲᠠᠢ ᠬᠣᠯᠪᠣᠭᠳᠠᠭᠤᠯᠤᠨ ︽ ᠦᠨᠳᠦᠰᠦᠨ ᠤ ᠶᠡᠬᠡ ᠪᠠᠶᠠᠷ ᠨᠠᠭᠠᠳᠤᠮ ᠤᠨ
ᠴᠣᠭᠴᠠᠯᠠᠪᠤᠷᠢ ᠪᠠᠶᠢᠭᠤᠯᠬᠤ ᠲᠥᠰᠥᠯ ︾ ᠢ ᠲᠥᠷᠦ, ᠬᠤᠪᠢ ᠶᠢᠨ ᠬᠡᠪᠰᠢᠯ ᠤᠨ
ᠲᠦᠩᠰᠢᠯᠠᠯ ᠊ᠢᠢᠠᠷ ᠬᠢᠵᠦ ᠭᠦᠢᠴᠡᠳᠬᠡᠭᠦᠯᠬᠦ ᠠᠵᠢᠯ ᠢ ᠵᠣᠬᠢᠶᠠᠨ ᠪᠠᠶᠢᠭᠤᠯᠬᠤ ᠊ᠢᠢ ᠰᠢᠳᠠᠷ ᠰᠠᠶᠢᠳ ᠨᠢ, ᠨᠤᠮᠲᠢ᠋ᠢᠪᠠᠶᠠᠷ ᠳᠣ᠋, ᠵᠢᠷᠤᠭ ᠲᠥᠰᠥᠯ ᠤᠨ ᠠᠵᠢᠯ ᠳᠤ ᠳᠡᠮᠵᠢᠵᠦ ᠠᠵᠢᠯᠯᠠᠬᠤ ᠊ᠢᠢ
ᠬᠣᠯᠪᠤᠭᠳᠠᠬᠤ ᠰᠠᠶᠢᠳ ᠨᠠᠷ ᠳᠤ ᠲᠠᠭᠠᠭᠠᠯᠭᠭᠨᠰᠠᠨ ᠪᠠᠶᠢᠨᠠ᠃
︽ ᠦᠨᠳᠦᠰᠦᠨ ᠤ ᠶᠡᠬᠡ ᠪᠠᠶᠠᠷ ᠨᠠᠭᠠᠳᠤᠮ ᠤᠨ ᠴᠣᠭᠴᠠᠯᠠᠪᠤᠷᠢ ︾ ᠊ᠢᠢ ᠬᠦᠢ ᠳᠣᠯᠣᠭᠠᠨ ᠬᠤᠳᠳᠤᠭ ᠳᠤ ᠪᠠᠶᠢᠭᠤᠯᠵᠤ, ᠡᠷᠡ ᠶᠢᠨ ᠭᠤᠷᠪᠠᠨ ᠨᠠᠭᠠᠳᠤᠮ ᠢ ᠨᠢᠭᠡ ᠳᠣᠣᠷᠠ ᠵᠣᠬᠢᠶᠠᠨ
ᠪᠠᠶᠢᠭᠤᠯᠬᠤ ᠶᠢᠨ ᠵᠡᠷᠭᠡᠴᠡᠭᠡ ᠣᠯᠠᠨ ᠤᠯᠤᠰ ᠤᠨ ᠰᠫᠣᠷᠲ, ᠰᠤᠶᠤᠯ ᠤᠷᠠᠯᠢᠭ ᠤᠨ ᠦᠢᠯᠡ
ᠠᠵᠢᠯᠯᠠᠭᠠ ᠊ᠢᠢ ᠬᠦᠯᠢᠶᠡᠨ ᠠᠪᠬᠤ 30 000 ᠬᠦᠮᠦᠨ ᠤ ᠰᠠᠭᠤᠳᠠᠯ ᠲᠠᠢ ᠪᠠᠶᠢᠭᠤᠯᠤᠮᠵᠢ ᠪᠣᠯᠭᠠᠨ ᠲᠥᠯᠥᠪᠯᠡᠵᠡᠢ. ᠡᠬᠢᠨ ᠤ ᠡᠭᠡᠯᠵᠢ ᠶᠢᠨ ᠪᠦᠲᠦᠭᠡᠨ ᠪᠠᠶᠢᠭᠤᠯᠤᠯᠲᠠ ᠪᠤᠶᠤ ︽ ᠲᠥᠷᠦ ᠶᠢᠨ ᠬᠦᠨᠳᠦᠳᠬᠡᠯ ᠤᠨ ᠬᠦᠷᠢᠶᠡ ︾ ᠊ᠢᠢ ᠠᠰᠢᠭᠯᠠᠯᠲᠠ ᠳᠤ ᠣᠷᠣᠭᠤᠯᠤᠭᠠᠳ ᠪᠠᠶᠢᠭᠠ ᠠᠵᠠᠢ.
ᠲᠥᠰᠥᠯ ᠤᠨ ᠨᠡᠶᠢᠲᠡ ᠬᠥᠷᠥᠩᠭᠡ ᠣᠷᠣᠭᠤᠯᠤᠯᠲᠠ ᠤᠷᠢᠳᠴᠢᠯᠠᠭᠰᠠᠨ ᠪᠠᠶᠢᠳᠠᠯ ᠊ᠢᠢᠠᠷ 100 ᠣᠷᠴᠢᠮ ᠲᠡᠷᠪᠤᠮ ᠲᠥᠭᠥᠷᠢᠭ ᠪᠠᠶᠢᠬᠤ ᠪᠠᠷ ᠲᠤᠭᠠᠴᠭᠨᠰᠠᠨ ᠪᠥᠭᠡᠳ ᠤᠯᠤᠰ,
ᠨᠡᠶᠢᠰᠯᠡᠯ ᠤᠨ ᠲᠥᠰᠥᠪ, ᠬᠤᠪᠢ ᠶᠢᠨ ᠬᠡᠪᠰᠢᠯ, ᠢᠷᠭᠡᠳ ᠤᠨ ᠰᠠᠶᠢᠨ ᠳᠤᠷᠠ ᠶᠢᠨ
ᠤᠷᠤᠯᠴᠠᠭᠠᠨ ᠳᠤ ᠲᠤᠯᠭᠠᠭᠤᠷᠢᠯᠠᠨ ᠢᠯᠡ ᠲᠣᠳᠣ, ᠨᠡᠭᠡᠭᠡᠯᠲᠡ ᠲᠠᠢ, ᠬᠢᠨᠠᠯᠲᠠ ᠲᠠᠢ ᠪᠠᠷ
ᠬᠡᠷᠡᠭᠵᠢᠭᠦᠯᠬᠦ ᠪᠠᠷ ᠲᠥᠯᠥᠪᠯᠡᠵᠦ ᠪᠠᠶᠢᠭᠠ ᠠᠵᠠᠢ.





.jpg&w=1600&q=75)