ᠲᠤᠯᠭᠤᠷ ᠲᠥᠷᠦ ᠶᠢᠨ 2235 ᠵᠢᠯ, ᠶᠡᠬᠡ ᠮᠣᠩᠭᠣᠯ ᠤᠯᠤᠰ ᠪᠠᠶᠢᠭᠤᠯᠤᠭᠳᠠᠭᠰᠠᠨ ᠤ 820 ᠵᠢᠯ, ᠦᠨᠳᠦᠰᠦᠨ ᠤ ᠡᠷᠬᠡ ᠴᠢᠯᠦᠭᠡ, ᠲᠤᠰᠠᠭᠠᠷ ᠲᠣᠭᠲᠠᠨᠢᠯ ᠶᠢᠨ ᠰᠡᠷᠭᠦᠭᠡᠨ ᠮᠠᠨᠳᠤᠭᠤᠯᠤᠭᠰᠠᠨ ᠤ 115 ᠵᠢᠯ,
ᠠᠷᠠᠳ ᠤᠨ ᠬᠤᠪᠢᠰᠬᠠᠯ ᠤᠨ 105 ᠵᠢᠯ, ᠠᠷᠠᠳᠴᠢᠯᠠᠭᠰᠠᠨ ᠬᠤᠪᠢᠰᠬᠠᠯ ᠤᠨ 36 ᠵᠢᠯ ᠤᠨ ᠣᠢ ᠳᠤ ᠵᠣᠷᠢᠭᠤᠯᠤᠭᠰᠠᠨ ᠦᠨᠳᠦᠰᠦᠨ ᠤ ᠶᠡᠬᠡ ᠪᠠᠶᠠᠷ ᠨᠠᠭᠠᠳᠤᠮ ᠤᠨ ᠰᠤᠷ ᠤᠨ ᠬᠠᠷᠪᠤᠭᠠ ᠥᠴᠥᠭᠡᠳᠦᠷ ᠡᠬᠢᠯᠡᠵᠡᠢ.
ᠰᠤᠷ ᠤᠨ ᠬᠠᠷᠪᠭᠠᠨ ᠤ ᠲᠠᠯᠠᠪᠤᠷ ᠳᠤ ᠥᠰᠪᠦᠷᠢ ᠶᠢᠨ ᠮᠡᠷᠭᠡᠨ ᠬᠠᠷᠪᠤᠭᠠᠴᠢᠳ ᠬᠣᠶᠠᠷ ᠡᠳᠦᠷ ᠤᠨ ᠲᠤᠷᠰᠢ ᠴᠡᠴᠡ ᠮᠡᠷᠭᠡᠨ ᠶᠢᠨ ᠰᠣᠷᠢᠵᠤ ᠪᠠᠶᠢᠨᠠ᠃ ᠡᠨᠡ ᠵᠢᠯ ᠤᠨ ᠪᠠᠶᠠᠷ ᠨᠠᠭᠠᠳᠤᠮ ᠤᠨ ᠥᠰᠪᠦᠷᠢ ᠶᠢᠨ ᠬᠠᠷᠪᠭᠠᠨ ᠳᠤ 420 ᠭᠠᠷᠤᠢ ᠬᠠᠷᠪᠤᠭᠠᠴᠢ ᠪᠢᠷᠢᠳᠭᠠᠬᠯᠵᠠᠢ᠃ ᠥᠰᠪᠦᠷᠢ ᠶᠢᠨ ᠰᠤᠷ ᠤᠨ ᠬᠠᠷᠪᠭᠠᠨ ᠤ ᠲᠦᠷᠦᠭᠦᠦ ᠬᠠᠷᠪᠤᠭᠠᠴᠢ ᠥᠨᠥᠳᠥᠷ ᠲᠣᠳᠣᠷᠠᠬᠤ ᠪᠣᠯ ᠮᠠᠷᠭᠠᠰᠢ ᠨᠠᠭᠠᠳᠤᠮ ᠤᠨ ᠬᠠᠷᠪᠤᠭᠠ ᠤᠷᠢᠶᠠᠩᠬᠠᠢ ᠰᠤᠷ ᠊ᠢᠢᠠᠷ ᠦᠷᠭᠦᠯᠵᠢᠯᠡᠨᠡ.





