ᠮᠣᠩᠭᠣᠯ , ᠣᠷᠣᠰ, ᠬᠢᠲᠠᠳ ᠭᠤᠷᠪᠠᠨ ᠤᠯᠤᠰ ᠤᠨ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠨᠠᠷ ᠤᠨ ᠲᠦᠪᠰᠢᠨ ᠤ ᠲᠤᠯᠤᠭᠠᠲᠠᠭᠢ ᠤᠳᠠᠭᠠ ᠶᠢᠨ ᠵᠥᠪᠯᠡᠯᠳᠦᠬᠦ ᠠᠭᠤᠯᠵᠠᠯᠲᠠ ᠤᠯᠠᠭᠠᠨᠪᠠᠭᠠᠲᠤᠷ ᠬᠤᠲᠠᠨᠠ
ᠥᠴᠥᠭᠡᠳᠦᠷ ᠪᠣᠯᠤᠯᠠ. ᠠᠭᠤᠯᠵᠠᠯᠲᠠ ᠊ᠢᠢ ᠮᠣᠩᠭᠣᠯ ᠤᠨ ᠲᠠᠯᠠ ᠡᠴᠡ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠭᠤ᠋᠂ ᠠᠮᠤᠷᠲᠦ᠋ᠪᠰᠢᠨ, ᠣᠷᠣᠰ ᠤᠨ ᠲᠠᠯᠠ ᠡᠴᠡ ᠭᠠᠳᠠᠭᠠᠳᠤ ᠬᠡᠷᠡᠭ ᠤᠨ ᠣᠷᠣᠯᠠᠭᠴᠢ ᠰᠠᠶᠢᠳ ᠠ᠂ ᠶᠦ᠋᠂ ᠷᠦᠲᠧᠨᠺ᠂ ᠬᠢᠲᠠᠳ ᠤᠨ ᠲᠠᠯᠠ ᠡᠴᠡ ᠭᠠᠳᠠᠭᠠᠳᠤ ᠬᠡᠷᠡᠭ ᠤᠨ ᠲᠤᠰᠠᠯᠠᠬᠤ ᠰᠠᠶᠢᠳ ᠯᠢᠶᠤ᠋ ᠪᠢᠨ ᠨᠠᠷ ᠲᠠᠷᠢᠬᠯᠪᠠᠢ᠃ ᠵᠥᠪᠯᠡᠯᠳᠦᠬᠦ ᠠᠭᠤᠯᠵᠠᠯᠲᠠ ᠪᠡᠷ᠂ ᠮᠣᠩᠭᠣᠯ, ᠣᠷᠣᠰ, ᠬᠢᠲᠠᠳ ᠤᠨ ᠡᠳ᠋ ᠤᠨ ᠵᠠᠰᠠᠭ ᠤᠨ ᠺᠷᠢᠲᠤᠷ ᠪᠠᠶᠢᠭᠤᠯᠬᠤ ᠬᠥᠲᠥᠯᠪᠦᠷᠢ ᠶᠢᠨ ᠭᠠᠷᠩᠵᠢᠯᠲᠠ ᠪᠣᠯᠤᠨ ᠲᠡᠮᠦᠷ ᠵᠠᠮ, ᠠᠦ᠋ᠲ᠋ᠣ᠋ ᠵᠠᠮ, ᠲᠷᠠᠨᠽᠢᠲ ᠲᠡᠭᠡᠭᠡᠪᠦᠷᠢ, ᠯᠤᠭᠢᠰᠲ᠋ᠢᠭ᠂ ᠡᠷᠴᠢᠮ ᠬᠦᠴᠦᠨ ᠤ ᠳᠡᠳ᠋ ᠪᠦᠲᠦᠴᠡ ᠶᠢᠨ ᠲᠥᠰᠥᠯ ᠤᠳ᠂ ᠪᠥᠰᠡ ᠨᠤᠲᠤᠭ ᠤᠨ ᠬᠠᠮᠲᠤ ᠶᠢᠨ ᠠᠵᠢᠯᠯᠠᠭᠠ, ᠵᠡᠭᠦᠨ ᠬᠣᠶᠢᠲᠤ ᠠᠽᠢ ᠶᠢᠨ ᠠᠶᠤᠯ ᠦᠭᠡᠢ ᠪᠠᠶᠢᠳᠠᠯ, ᠨᠢ, ᠣᠢ, ᠪᠠᠢᠢᠭᠤᠯᠤᠯᠭᠠ ᠪᠣᠯᠤᠨ ᠣᠯᠠᠨ ᠤᠯᠤᠰ ᠤᠨ ᠪᠠᠢᠢᠭᠤᠯᠤᠯᠭᠠ ᠨᠤᠭᠤᠳ ᠳ᠋ᠡᠬᠢ ᠬᠠᠮᠲᠤ ᠶᠢᠨ ᠠᠵᠢᠯᠯᠠᠭᠠ, ︽ ᠤᠯᠠᠭᠠᠨᠪᠠᠭᠠᠲᠤᠷ ᠤᠨ ᠶᠠᠷᠢᠶᠠ ᠬᠡᠯᠡᠯᠴᠡᠭᠡ ︾ ᠰᠠᠨᠠᠭᠠᠴᠢᠯᠠᠭᠠ, ᠱᠠᠩᠬᠠᠢ ᠶᠢᠨ ᠬᠠᠮᠲᠤ ᠶᠢᠨ ᠠᠵᠢᠯᠯᠠᠭᠠᠨ ᠤ ᠪᠠᠢᠢᠭᠤᠯᠤᠯᠭᠠ ᠵᠡᠷᠭᠡ ᠳᠤ ᠦᠷᠨᠢᠵᠤ ᠪᠤᠢ ᠦᠢᠯᠡ ᠶᠠᠪᠤᠴᠠ ᠶᠢᠨ ᠲᠠᠯᠠ ᠪᠠᠷ ᠰᠠᠨᠠᠯ ᠰᠤᠯᠢᠯᠴᠠᠵᠠᠢ᠃



