ᠲᠤᠯᠭᠤᠷ ᠲᠥᠷᠦ ᠶᠢᠨ 2235 ᠵᠢᠯ, ᠶᠡᠬᠡ ᠮᠣᠩᠭᠣᠯ ᠤᠯᠤᠰ ᠤᠨ 820 ᠵᠢᠯ, ᠦᠨᠳᠦᠰᠦᠨ ᠤ ᠡᠷᠬᠡ ᠴᠢᠯᠦᠭᠡ, ᠲᠤᠰᠠᠭᠠᠷ ᠲᠣᠭᠲᠠᠨᠢᠯ ᠶᠢᠨ ᠰᠡᠷᠭᠦᠭᠡᠨ ᠮᠠᠨᠳᠤᠭᠤᠯᠤᠭᠰᠠᠨ ᠤ 115 ᠵᠢᠯ, ᠠᠷᠠᠳ ᠤᠨ ᠬᠤᠪᠢᠰᠬᠠᠯ ᠤᠨ 105 ᠵᠢᠯ, ᠠᠷᠠᠳᠴᠢᠯᠠᠭᠰᠠᠨ ᠬᠤᠪᠢᠰᠬᠠᠯ ᠤᠨ 36 ᠵᠢᠯ ᠤᠨ ᠣᠢ ᠶᠢᠨ ᠦᠨᠳᠦᠰᠦᠨ ᠤ ᠪᠠᠶᠠᠷ ᠨᠠᠭᠠᠳᠤᠮ ᠢ ᠵᠣᠬᠢᠶᠠᠨ ᠪᠠᠶᠢᠭᠤᠯᠬᠤ ᠬᠣᠷᠢᠶᠠ ᠭᠠᠪᠯᠠᠯ ᠤᠨ
ᠪᠠᠭᠠ ᠬᠤᠷᠠᠯ ᠬᠢᠯᠡ.
ᠡᠨᠡ ᠵᠢᠯ ᠤᠨ ᠪᠠᠶᠠᠷ ᠨᠠᠭᠠᠳᠤᠮ ᠢ ᠨᠡᠭᠡᠭᠡᠬᠦ, ᠬᠠᠭᠠᠬᠤ ᠰᠤᠶᠤᠯ ᠤᠷᠠᠯᠢᠭ ᠤᠨ ᠲᠣᠭᠯᠠᠯᠲᠠ ᠳᠤ ᠮᠡᠷᠭᠡᠵᠢᠯ ᠤᠨ ᠤᠷᠠᠯᠢᠭ ᠤᠨ
ᠪᠠᠢᠢᠭᠤᠯᠤᠯᠭᠠ ᠨᠤᠭᠤᠳ, ᠬᠤᠪᠢ ᠶᠢᠨ ᠰᠲ᠋ᠦ᠋ᠳᠢ, ᠫᠷᠤᠲᠠᠺᠱᠢᠨ ᠪᠣᠯᠤᠨ ᠴᠢᠯᠦᠭᠡᠲᠦ ᠤᠷᠠᠨ ᠪᠢᠲᠤᠭᠠᠯᠴᠢᠳ ᠡᠴᠡ ᠪᠦᠷᠢᠳᠦᠭᠰᠡᠨ 2000 ᠭᠠᠷᠤᠢ ᠤᠷᠠᠨ ᠪᠦᠲᠦᠭᠡᠯᠴᠢ ᠤᠷᠤᠯᠴᠠᠬᠤ ᠠᠵᠠᠢ.
ᠮᠥᠨ ᠵᠣᠬᠢᠶᠠᠨ ᠪᠠᠶᠢᠭᠤᠯᠬᠤ ᠠᠷᠤ ᠶᠢᠨ ᠠᠯᠪᠠᠨ ᠳᠤ 500 ᠣᠷᠴᠢᠮ ᠬᠦᠮᠦᠨ ᠠᠵᠢᠯᠯᠠᠵᠤ ᠪᠠᠶᠢᠭᠠ ᠪᠥᠭᠡᠳ ᠨᠡᠶᠢᠲᠡ 2500 ᠭᠠᠷᠤᠢ ᠬᠦᠮᠦᠨ ᠤ ᠪᠦᠷᠢᠯᠳᠦᠬᠦᠨ ᠲᠠᠢ ᠪᠡᠯᠡᠳᠬᠡᠯ ᠶᠢᠨ ᠬᠠᠩᠭᠠᠵᠤ ᠪᠠᠶᠢᠨᠠ᠃





