ᠮᠣᠩᠭᠣᠯ ᠤᠯᠤᠰ ᠡᠴᠡ ᠪᠤᠢ, ᠨᠠ᠂ ᠰᠣ, ᠤᠯᠤᠰ ᠤᠨ ᠪᠢᠰᠠᠨ ᠬᠣᠲᠠ ᠳᠤ ᠰᠠᠭᠤᠭᠠ ᠺᠨᠰᠦ᠋ᠯ ᠤᠨ ᠭᠠᠵᠠᠷ ᠡᠬᠰᠳ ᠪᠠᠶᠢᠭᠤᠯᠤᠭᠳᠠᠭᠰᠠᠨ ᠤ 10 ᠵᠢᠯ ᠤᠨ ᠣᠢ ᠪᠠᠷ ᠮᠣᠩᠭᠣᠯ ᠤᠨ ᠦᠨᠳᠦᠰᠦᠨ ᠤ ᠤᠷᠠᠯᠢᠭ ᠤᠨ ᠶᠡᠬᠡ ᠲᠢᠶᠠᠲ᠋ᠷ, ᠪᠢᠰᠠᠨ ᠤ ᠦᠨᠳᠦᠰᠦᠨ ᠤ ᠤᠷᠠᠯᠢᠭ ᠤᠨ ᠲᠢᠶᠠᠲ᠋ᠷ ᠬᠠᠮᠲᠤᠷᠠᠨ ᠪᠢᠰᠠᠨ ᠬᠤᠲᠠᠨᠠ ᠢᠷᠡᠬᠦ ᠶᠢᠰᠦᠳᠦᠭᠡᠷ ᠰᠠᠷᠠ ᠶᠢᠨ 11 - 12 ᠳᠤ ᠪᠦᠷᠢᠨ ᠬᠡᠮᠵᠢᠶᠡᠨ ᠤ ᠲᠣᠭᠯᠠᠯᠲᠠ ᠲᠠᠯᠪᠢᠨᠠ. ︽ ᠮᠣᠩᠭᠣᠯ ᠤᠨ ᠰᠠᠶᠢᠬᠠᠨ ᠣᠷᠣᠨ ︾ ᠲᠣᠭᠯᠠᠯᠲᠠ ᠳᠤ ᠮᠣᠩᠭᠣᠯ ᠤᠯᠤᠰ ᠡᠴᠡ ᠦᠨᠳᠦᠰᠦᠨ ᠤ ᠤᠷᠠᠯᠢᠭ ᠤᠨ ᠶᠡᠬᠡ ᠲᠢᠶᠠᠲ᠋ᠷ ᠤᠨ 50 ᠤᠷᠠᠨ ᠪᠦᠲᠦᠭᠡᠯᠴᠢ ᠤᠷᠤᠯᠴᠠᠨᠠ᠃ ᠲᠣᠭᠯᠠᠯᠲᠠ ᠊ᠢᠢ ᠮᠣᠩᠭᠣᠯ ᠤᠯᠤᠰ ᠡᠴᠡ ᠪᠤᠢ, ᠨᠠ᠂ ᠰᠣ, ᠤᠯᠤᠰ ᠤᠨ ᠪᠢᠰᠠᠨ ᠬᠣᠲᠠ ᠳᠤ ᠰᠠᠭᠤᠭᠠ ᠺᠨᠰᠦ᠋ᠯ ᠤᠨ ᠭᠠᠵᠠᠷ ᠤᠨ ᠰᠠᠨᠠᠭᠠᠴᠢᠯᠠᠭᠠ ᠪᠠᠷ ᠬᠣᠶᠠᠷ ᠣᠷᠣᠨ ᠤ ᠰᠤᠶᠤᠯ ᠢ ᠰᠤᠷᠲᠠᠯᠴᠢᠯᠠᠨ ᠲᠠᠨᠢᠭᠤᠯᠬᠤ ᠠᠵᠢᠯ ᠤᠨ ᠳᠠᠭᠠᠭᠤ ᠵᠣᠬᠢᠶᠠᠨ ᠪᠠᠶᠢᠭᠤᠯᠤᠨᠠ.





