ᠵᠢᠯ ᠪᠦᠷᠢ ᠶᠢᠨ ᠵᠢᠷᠭᠤᠳᠤᠭᠠᠷ ᠰᠠᠷᠠ ᠶᠢᠨ 23 ᠳᠤ ᠲᠠᠮᠲᠩᠯᠠᠲᠩ ᠣᠯᠠᠨ ᠤᠯᠤᠰ ᠤᠨ ᠤᠯᠢᠮᠫᠢ ᠶᠢᠨ ᠡᠳᠦᠷ ᠲᠤᠭᠢᠶᠠᠵᠤ ᠪᠠᠶᠢᠨᠠ᠃ ᠡᠨᠡ ᠡᠳᠦᠷ 1894 ᠣᠨ ᠳᠤ ᠹᠷᠠᠨᠼᠠ ᠶᠢᠨ ᠰᠤᠶᠳ ᠭᠠᠭᠠᠷᠠᠬᠯᠤᠭ᠍ᠴᠢ ᠫᠢᠶᠧᠷ ᠲᠧᠨ
ᠺᠢᠪᠧᠷᠲ᠋ᠢᠨ ᠣᠯᠠᠨ ᠤᠯᠤᠰ ᠤᠨ ᠤᠯᠢᠮᠫᠢ ᠶᠢᠨ ᠬᠣᠷᠢᠶᠠ ᠊ᠢᠢ ᠪᠠᠶᠢᠭᠤᠯᠵᠤ, ᠣᠷᠴᠢᠨ ᠦᠶᠡ ᠶᠢᠨ ᠤᠯᠢᠮᠫᠢ ᠶᠢᠨ ᠬᠥᠳᠡᠯᠭᠡᠭᠡᠨ ᠢ ᠡᠬᠢᠯᠡᠭᠦᠯᠦᠭᠰᠡᠨ
ᠲᠡᠦᠬᠡ ᠲᠠᠢ᠃
ᠡᠨᠡ ᠵᠢᠯ ᠤᠨ ︽ ᠤᠯᠢᠮᠫᠢ ᠶᠢᠨ ᠡᠳᠦᠷ - ᠬᠠᠮᠲᠤᠳᠠ ᠪᠠᠨ
ᠬᠢᠲᠠᠯᠵᠠᠭᠠᠶᠠ ︾ ᠡᠲᠤᠷᠯᠢᠭ᠌ ᠢ ᠦᠨᠳᠦᠰᠦᠨ ᠤ ᠴᠡᠴᠡᠷᠯᠢᠭᠲᠦ
ᠬᠦᠷᠢᠶᠡᠯᠡᠩ ᠳᠤ ᠐᠘᠄ 30 - ᠑᠑᠄ 30 ᠴᠠᠭ ᠤᠨ ᠬᠣᠭᠣᠷᠣᠨᠳᠣ ᠵᠣᠬᠢᠶᠠᠨ ᠪᠠᠶᠢᠭᠤᠯᠵᠤ, ᠳᠤᠭᠤᠢ ᠶᠢᠨ ᠲᠡᠮᠡᠴᠡᠭᠡᠨ, ᠲᠠᠮᠢᠷᠴᠢᠳ ᠤᠨ ᠠᠭᠤᠯᠵᠠᠯᠲᠠ, ᠰᠫᠣᠷᠲ ᠤᠨ ᠦᠵᠡᠭᠦᠯᠬᠦ ᠲᠣᠭᠯᠠᠯᠲᠠ ᠵᠡᠷᠭᠡ ᠦᠢᠯᠡ ᠠᠵᠢᠯᠯᠠᠭᠠ ᠊ᠢᠢ
ᠵᠣᠬᠢᠶᠠᠨ ᠪᠠᠶᠢᠭᠤᠯᠤᠯᠠ.
ᠮᠣᠩᠭᠣᠯ ᠤᠨ ᠦᠨᠳᠦᠰᠦᠨ ᠤ ᠤᠯᠢᠮᠫᠢ ᠶᠢᠨ ᠬᠣᠷᠢᠶᠠ ᠊ᠢᠢ 1956
ᠣᠨ ᠳᠤ ᠪᠠᠶᠢᠭᠤᠯᠵᠤ, 1962 ᠣᠨ ᠳᠤ ᠣᠯᠠᠨ ᠤᠯᠤᠰ ᠤᠨ
ᠤᠯᠢᠮᠫᠢ ᠶᠢᠨ ᠬᠣᠷᠢᠶᠠᠨ ᠤ ᠭᠡᠰᠢᠭᠦᠨ ᠪᠣᠯᠤᠭᠰᠠᠨ. ᠮᠣᠩᠭᠣᠯ ᠤᠨ ᠪᠠᠭ 1964 ᠣᠨ ᠡᠴᠡ ᠤᠯᠢᠮᠫᠢ ᠶᠢᠨ ᠨᠠᠭᠠᠳᠤᠮ ᠳᠤ ᠣᠷᠣᠯᠴᠠᠵᠤ
ᠡᠬᠢᠯᠡᠭᠰᠡᠨ ᠡᠴᠡ ᠬᠣᠶᠢᠰᠢ ᠡᠪᠦᠯ, ᠵᠤᠨ ᠤ ᠤᠯᠢᠮᠫᠢ ᠶᠢᠨ ᠨᠠᠭᠠᠳᠤᠮ ᠳᠤ ᠨᠡᠶᠢᠲᠡ 30 ᠤᠳᠠᠭᠠ ᠣᠷᠣᠯᠴᠠᠨ ᠬᠣᠶᠠᠷ ᠠᠯᠲᠠᠨ, 12 ᠮᠥᠩᠭᠥᠨ, 17 ᠬᠦᠷᠡᠯ ᠮᠧᠲᠠᠯᠢ ᠬᠦᠷᠲᠡᠭᠡᠳ ᠪᠠᠶᠢᠨᠠ᠃





