ᠠᠽᠢ ᠲ᠋ᠢᠢᠪ ᠤᠨ ᠨᠣᠮ, ᠭᠠᠪᠯᠠᠯ ᠤᠨ ᠰᠠᠯᠪᠤᠷᠢ ᠶᠢᠨ ᠬᠠᠮᠤᠭ ᠤᠨ ᠲᠣᠮᠣ ᠴᠤᠭᠯᠠᠷᠠᠯᠲᠠ, ᠪᠡᠭᠡᠵᠢᠩ ᠤᠨ ᠣᠯᠠᠨ ᠤᠯᠤᠰ ᠤᠨ ᠨᠣᠮ ᠤᠨ ᠦᠵᠡᠰᠬᠦᠯᠡᠩ ︽ ᠨᠣᠮ ᠊ᠢᠢᠠᠷ ᠭᠦᠭᠦᠷᠭᠡ ᠪᠣᠯᠭᠠᠨ, ᠰᠤᠯᠢᠯᠴᠠᠭᠠ᠂ ᠶᠠᠷᠢᠶᠠ ᠬᠡᠯᠡᠯᠴᠡᠭᠡ ᠤᠷᠨᠢᠬᠯᠵᠤ᠂ ᠬᠠᠮᠲᠤ ᠳᠤ ᠪᠠᠨ ᠬᠥᠭᠵᠢᠨ, ᠬᠠᠮᠲᠤᠳᠠ ᠪᠠᠨ ᠬᠤᠵᠢᠨᠠ ︾ ᠤᠷᠢᠶᠠ ᠶᠢᠨ ᠳᠣᠣᠷᠠ ᠡᠬᠢᠯᠡᠯᠡ.
ᠪᠡᠭᠡᠵᠢᠩ ᠬᠣᠲᠠ ᠶᠢᠨ ᠦᠨᠳᠦᠰᠦᠨ ᠤ ᠬᠤᠷᠠᠯ ᠤᠨ ᠲᠥᠪ ᠳᠤ ᠨᠡᠭᠡᠭᠡᠭᠰᠡᠨ 32 ᠳ᠋ᠡᠬᠢ ᠤᠳᠠᠭᠠ ᠶᠢᠨ ᠦᠵᠡᠰᠬᠦᠯᠡᠩ ᠳᠤ 82 ᠣᠷᠣᠨ ᠤ 1700 ᠭᠠᠷᠤᠢ ᠪᠠᠢᠢᠭᠤᠯᠤᠯᠭᠠ ᠣᠷᠣᠯᠴᠠᠵᠤ ᠪᠠᠶᠢᠨᠠ᠃ ᠮᠠᠨ ᠤ ᠤᠯᠤᠰ ᠡᠴᠡ ︽ ᠨᠣᠮ ᠤᠨ ᠰᠣᠶᠣᠯᠲᠤ ᠶᠢᠷᠲᠢᠨᠴᠦ ︾ ᠳᠣᠢ, ᠪ, ᠪᠠᠢᠢᠭᠤᠯᠤᠯᠭᠠ ᠶᠢᠨ ᠭᠦᠢᠴᠡᠳᠭᠡᠬᠦ ᠵᠠᠬᠢᠷᠤᠯ, ︽ ᠨᠣᠮ ᠤᠨ ᠪᠠᠶᠠᠷ ︾ ᠢ ᠰᠠᠨᠠᠭᠠᠴᠢᠯᠠᠭᠴᠢ
ᠪᠠ᠂ ᠰᠤᠪᠤᠳ, ︽ ᠯᠢᠪᠷᠤ᠋ ᠰᠤᠪᠤᠳ ︾ ᠠᠭ᠍ᠧᠨᠲ᠋ᠯᠢᠭ ᠤᠨ ᠭᠦᠢᠴᠡᠳᠭᠡᠬᠦ ᠵᠠᠬᠢᠷᠤᠯ ᠪᠠ᠂ ᠪᠣᠯᠣᠷ, ᠰᠤᠶᠤᠯ ᠤᠨ ᠭᠠᠪᠢᠶᠠᠲᠤ ᠵᠢᠳᠬᠦᠯᠲᠡᠨ ᠬᠢ᠂ ᠠᠶᠤᠷᠵᠠᠨᠠ, ᠮᠦ, ᠤ, ᠶᠠ᠂ ᠰᠤᠷᠭᠠᠭᠤᠯᠢ ᠶᠢᠨ ᠭᠠᠪᠯᠠᠯ ᠤᠨ ᠭᠠᠵᠠᠷ ᠤᠨ ᠬᠠᠮᠲᠤ ᠣᠯᠠᠨ ᠣᠷᠣᠯᠴᠠᠵᠤ ᠪᠠᠶᠢᠨᠠ᠃





