ᠮᠣᠩᠭᠣᠯ, ᠭᠧᠷᠮᠠᠨ ᠤ ᠪᠣᠯᠪᠠᠰᠤᠷᠠᠯ ᠤᠨ ᠰᠠᠯᠪᠤᠷᠢ ᠶᠢᠨ ᠬᠠᠮᠲᠤ ᠶᠢᠨ ᠠᠵᠢᠯᠯᠠᠭᠠᠨ ᠤ 100 ᠵᠢᠯ ᠤᠨ ᠣᠢ ᠳᠤ ᠵᠣᠷᠢᠭᠤᠯᠤᠨ ᠮᠣᠩᠭᠣᠯ ᠤᠯᠤᠰ ᠤᠨ ᠰᠤᠶᠤᠯ ᠤᠨ ᠡᠯᠴᠢ ᠴᠠ᠂ ᠭᠠᠨ - ᠡᠷᠳᠡᠨᠢ ᠶᠢᠨ ᠰᠠᠨᠠᠭᠠᠴᠢᠯᠠᠭᠠ ᠪᠠᠷ ︽ ᠭᠷᠠᠹᠢᠺ - 2026 ︾ ᠭᠷᠠᠹᠢᠺ᠂ ᠪᠠᠷ ᠵᠢᠷᠤᠭ ᠤᠨ ᠤᠷᠠᠨ ᠪᠢᠲᠤᠭᠠᠯᠴᠢᠳ ᠤᠨ ᠬᠠᠮᠲᠤᠷᠭᠨᠰᠠᠨ ᠦᠵᠡᠰᠬᠦᠯᠡᠩ ᠢ ᠡᠨᠡ ᠰᠠᠷᠠ ᠶᠢᠨ 13 - 20 ᠳᠤ ᠮᠣᠩᠭᠣᠯ ᠤᠨ ᠤᠷᠠᠴᠤᠳ ᠤᠨ ᠡᠪᠯᠡᠯ ᠤᠨ ᠦᠵᠡᠰᠬᠦᠯᠡᠩ ᠤᠨ ᠲᠠᠩᠬᠢᠮ ᠳᠤ ᠵᠣᠬᠢᠶᠠᠨ ᠪᠠᠶᠢᠭᠤᠯᠬᠤ ᠭᠡᠵᠦ ᠪᠠᠶᠢᠨᠠ᠃ ᠬᠠᠮᠲᠤᠷᠭᠨᠰᠠᠨ ᠦᠵᠡᠰᠬᠦᠯᠡᠩ ᠳᠣ᠋, ᠮᠣᠩᠭᠣᠯ ᠤᠨ ᠭᠷᠠᠹᠢᠺ᠂ ᠪᠠᠷ ᠵᠢᠷᠤᠭ ᠤᠨ ᠤᠷᠠᠨ ᠪᠢᠲᠤᠭᠠᠯᠴᠢᠳ ᠪᠣᠯᠤᠨ ᠬᠤ, ᠪᠤᠢ, ᠨᠠ᠂ ᠭᠧᠷᠮᠠᠨ ᠤᠯᠤᠰ ᠤᠨ ᠭᠷᠠᠹᠢᠺ ᠤᠨ
ᠮᠡᠷᠭᠡᠵᠢᠯ ᠤᠨ ᠤᠷᠠᠨ ᠪᠢᠲᠤᠭᠠᠯᠴᠢᠳ ᠣᠷᠣᠯᠴᠠᠵᠤ, ᠤᠯᠠᠮᠵᠢᠯᠠᠯᠲᠤ ᠪᠣᠯᠤᠨ ᠣᠷᠴᠢᠨ ᠦᠶᠡ ᠶᠢᠨ ᠣᠯᠠᠨ ᠲᠥᠷᠥᠯ ᠤᠨ ᠠᠷᠭᠠ ᠲᠧᠭᠨᠢᠭ ᠤᠳ ᠢ ᠴᠢᠯᠦᠭᠡ ᠲᠠᠢ ᠬᠣᠣᠰᠯᠠᠭᠤᠯᠤᠨ ᠪᠦᠲᠦᠭᠡᠭᠰᠡᠨ ᠡᠬᠡ ᠪᠦᠲᠦᠭᠡᠯ ᠤᠳ ᠢ ᠲᠣᠯᠢᠯᠠᠭᠤᠯᠬᠤ ᠶᠤᠮ᠃ ᠦᠵᠡᠰᠬᠦᠯᠡᠩ ᠢ ᠡᠨᠡ ᠰᠠᠷᠠ ᠶᠢᠨ 13 ᠤ ᠑᠖᠄ 00 ᠴᠠᠭ ᠡᠴᠡ ᠨᠡᠭᠡᠭᠡᠨᠡ.





