ᠠᠽᠢ ᠶᠢᠨ ᠠᠶᠠᠯᠠᠯ ᠵᠢᠭᠤᠯᠴᠢᠯᠠᠯ ᠤᠨ 15 ᠳ᠋ᠡᠬᠢ ᠤᠳᠠᠭᠠ ᠶᠢᠨ ᠹᠣᠷᠦ᠋ᠮ ᠤᠯᠠᠭᠠᠨᠪᠠᠭᠠᠲᠤᠷ ᠬᠤᠲᠠᠨᠠ ︽ ᠵᠣᠴᠢᠯᠠᠬᠤ ᠦᠢᠯᠡᠴᠢᠯᠡᠭᠡ, ᠠᠶᠠᠯᠠᠯ ᠵᠢᠭᠤᠯᠴᠢᠯᠠᠯ ᠤᠨ ᠠᠽᠢ ᠶᠢᠨ ᠫᠠᠷᠠᠲᠢᠭ᠍ᠮ ︾ ᠰᠡᠳᠦᠪ ᠊ᠢᠢᠠᠷ ᠪᠣᠯᠵᠤ ᠪᠠᠶᠢᠨᠠ᠃ ᠹᠣᠷᠦ᠋ᠮ ᠳᠤ ᠪᠤᠢ, ᠨᠠ᠂ ᠰᠣ, ᠤᠯᠤᠰ, ᠠᠦ᠋ᠰᠲ᠋ᠷᠠᠯᠢᠶᠠ᠂ ᠪᠤᠢ, ᠨᠠ᠂ ᠭᠢ᠂ ᠠ᠂ ᠤᠯᠤᠰ, ᠰᠷᠢ ᠯᠠᠨᠺᠠᠠ᠂ ᠺᠠᠮᠪᠵᠢᠶᠠ᠂ ᠠ᠂ ᠨᠢ, ᠤᠯᠤᠰ ᠵᠡᠷᠭᠡ 22 ᠤᠯᠤᠰ ᠤᠨ 100 ᠭᠠᠷᠤᠢ ᠰᠢᠯᠢᠳᠡᠭ ᠢᠯᠡᠳᠬᠡᠭᠴᠢ, ᠡᠷᠳᠡᠮᠲᠡᠨ, ᠰᠤᠳᠤᠯᠤᠭᠠᠴᠢ, ᠪᠣᠳᠤᠯᠭᠠ ᠲᠣᠳᠣᠷᠬᠠᠶᠢᠯᠠᠭᠴᠢ ᠣᠷᠣᠯᠴᠠᠵᠤ ᠪᠠᠶᠢᠨᠠ᠂ ᠲᠡᠳᠡ ᠠᠽᠢ ᠶᠢᠨ ᠠᠶᠠᠯᠠᠯ ᠵᠢᠭᠤᠯᠴᠢᠯᠠᠯ, ᠵᠣᠴᠢᠯᠠᠬᠤ ᠦᠢᠯᠠᠴᠢᠯᠠᠭᠠᠨ ᠤ ᠬᠥᠭᠵᠢᠯ ᠤᠨ ᠴᠢᠭ ᠬᠠᠨᠲᠤᠯᠭᠠ, ᠲᠣᠭᠲᠠᠪᠤᠷᠢᠲᠠᠢ ᠬᠥᠭᠵᠢᠯ ᠤᠨ ᠰᠢᠢᠳᠦᠯ, ᠬᠠᠮᠲᠤ ᠶᠢᠨ ᠠᠵᠢᠯᠯᠠᠭᠠᠨ ᠤ ᠪᠣᠯᠤᠮᠵᠢ, ᠳ᠋ᠢᠵᠢᠲ᠋ᠠᠯ ᠰᠢᠯᠵᠢᠯᠲᠡ, ᠬᠢᠮᠡᠯ ᠣᠶᠤᠨ ᠪᠣᠯᠤᠨ ᠦᠢᠯᠠᠴᠢᠯᠠᠭᠠᠨ ᠤ ᠷᠤᠪᠲ ᠤᠨ ᠭᠠᠷᠩᠯᠠᠭᠠᠠ᠂ ᠪᠠᠶᠢᠭᠠᠯᠢ ᠣᠷᠴᠢᠨ, ᠨᠡᠶᠢᠭᠡᠮ, ᠵᠠᠰᠭᠨᠯᠠᠯ ᠤᠨ ᠪᠣᠳᠤᠯᠭᠠ ᠵᠡᠷᠭᠡ ᠣᠷᠴᠢᠨ ᠦᠶᠡ ᠶᠢᠨ ᠲᠤᠯᠭᠠᠮᠳᠠᠭᠰᠠᠨ ᠠᠰᠠᠭᠤᠳᠠᠯ ᠤᠳ ᠢ ᠬᠡᠯᠡᠯᠴᠡᠬᠦ ᠶᠤᠮ᠃





