ᠨᠠᠮᠠᠶ᠋ᠢ ᠶᠠᠨᠲᠠᠨᠤᠸᠠ ᠣᠪᠤᠭ ᠲᠠᠢ ᠺᠢᠽᠧᠯᠧᠱᠢ ᠭᠡᠳᠡᠭ. ᠮᠢᠨᠦ ᠠᠪᠤ ᠲᠧᠯᠧᠩᠭᠢᠲ᠂ ᠡᠵᠢ ᠮᠠᠨᠢ ᠮᠢ᠋ᠢᠮᠠᠨ ᠶᠠᠰᠤᠲᠠᠨ. ᠪᠢ ᠪᠦᠭᠦᠳᠡ ᠨᠠᠶᠢᠷᠠᠮᠳᠠᠬᠤ ᠠᠯᠲᠠᠢ ᠤᠯᠤᠰ ᠤᠨ ᠺᠱᠢ - ᠠᠭᠠᠱᠢ ᠠᠶᠢᠮᠠᠭ ᠤᠨ ᠰᠠᠭᠤᠷᠢᠨ ᠳᠤ
ᠥᠰᠦᠭᠰᠡᠨ. ᠮᠣᠩᠭᠣᠯ ᠤᠨ ᠲᠤᠬᠠᠢ ᠠᠩᠬᠠ ᠡᠮᠡᠭᠡ ᠡᠬᠡ ᠡᠴᠡ ᠪᠠᠨ ᠣᠯᠵᠤ ᠮᠡᠳᠡᠵᠦ ᠪᠠᠶᠢᠯᠠ. ᠮᠠᠨ ᠤ ᠲᠣᠰᠬᠣᠨ ᠳᠤ ᠨᠢᠭᠡ ᠡᠪᠦᠭᠡ ᠭᠡᠷ ᠪᠦᠯᠢ ᠶᠢᠨ ᠶᠢᠨ ᠬᠠᠮᠲᠤ ᠠᠮᠢᠳᠤᠷᠠᠳᠠᠭ ᠪᠠᠶᠢᠭᠰᠠᠨ ᠶᠤᠮ᠃
ᠶᠡᠬᠡ ᠲᠣᠮᠣ ᠪᠡᠶᠡ ᠲᠠᠢ, ᠥᠨᠳᠥᠷ ᠨᠢᠷᠤᠭᠤ ᠲᠠᠢ, ᠡᠪᠦᠯ ᠵᠤᠨ ᠦᠭᠡᠢ ᠢᠰᠡᠭᠡᠢ ᠮᠠᠯᠠᠭᠠᠢ ᠡᠮᠦᠰᠳᠡᠭ. ᠦᠶᠡ ᠦᠶᠡ ᠬᠠᠭᠤᠴᠢᠨ ᠤ ᠠᠯᠲᠠᠢ - ᠲᠧᠯᠧᠩᠭᠢᠲ ᠬᠡᠯᠡ ᠪᠠᠷ ᠶᠠᠷᠢᠳᠠᠭ
ᠪᠣᠯᠬᠣᠷ ᠲᠡᠭᠦᠨ ᠤ ᠶᠠᠭᠤ ᠶᠠᠷᠢᠵᠤ ᠪᠠᠶᠢᠭᠠ ᠊ᠢᠢ ᠤᠶᠢᠯᠠᠭᠠᠬᠤ ᠦᠭᠡᠢ᠃ ᠨᠢᠭᠡ ᠤᠳᠠᠭᠠ ᠡᠮᠡᠭᠡ ᠡᠴᠡ ᠪᠠᠨ᠄
- ᠡᠨᠡ ᠶᠠᠮᠪᠠᠷ ᠬᠦᠮᠦᠨ ᠪᠤᠢ? ᠲᠡᠭᠦᠨ ᠤ ᠶᠠᠭᠤ
ᠶᠠᠷᠢᠭᠰᠠᠨ ᠢ ᠣᠶᠢᠯᠠᠭᠠᠭᠰᠠᠨ ᠦᠭᠡᠢ ᠭᠡᠬᠦ ᠳᠣ᠋=
- ᠲᠡᠷᠡ ᠮᠣᠩᠭᠣᠯ ᠭᠠᠷᠤᠯ ᠲᠠᠢ᠃ ᠡᠪᠦᠭᠡ ᠳᠡᠭᠡᠳᠦᠰ ᠢᠨᠦ ᠮᠣᠩᠭᠣᠯ ᠡᠴᠡ ᠢᠷᠡᠭᠰᠡᠨ ᠶᠤᠮ ᠡ ᠬᠡᠮᠡᠨ ᠲᠠᠶᠢᠯᠪᠤᠷᠢᠯᠠᠵᠤ ᠥᠭᠴᠦ ᠪᠢᠯᠡ.
ᠲᠡᠭᠦᠨ ᠤ ᠳᠠᠷᠠᠭᠠ ᠴᠢᠩᠭᠢᠰ ᠬᠠᠭᠠᠨ ᠤ ᠲᠤᠬᠠᠢ ᠣᠯᠠᠨ ᠠᠩᠭᠢᠲᠤ ᠺᠢᠨᠣ᠋ ᠦᠵᠠᠪᠠᠢ᠃ ᠲᠡᠷᠡ ᠺᠢᠨᠣ᠋ ᠨᠠᠳᠤᠷ ᠬᠦᠴᠦᠲᠡᠢ ᠰᠡᠳᠬᠢᠭᠳᠡᠯ ᠲᠥᠷᠦᠭᠦᠯᠦᠭᠰᠡᠨ. ᠮᠠᠨ ᠤ ᠠᠯᠲᠠᠢ ᠶᠢᠨ ᠬᠢᠨ ᠴᠢᠩᠭᠢᠰ ᠬᠠᠭᠠᠨ ᠢ ᠬᠦᠨᠳᠦᠯᠡᠨ ᠳᠡᠭᠡᠳᠦᠯᠡᠳᠡᠭ ᠠᠷᠠᠳ ᠲᠦᠮᠡᠨ.
ᠪᠢᠳᠡᠨ ᠤ ᠲᠡᠦᠬᠡ ᠥᠪᠡᠷ ᠬᠣᠭᠣᠷᠣᠨᠳᠣ ᠪᠠᠨ ᠶᠡᠬᠡᠬᠡᠨ
ᠰᠢᠲᠤᠯᠴᠠᠭᠠᠠ ᠲᠠᠢ᠃ ᠴᠢᠩᠭᠢᠰ ᠬᠠᠭᠠᠨ ᠤ ᠦᠶᠡ ᠳᠤ
ᠠᠯᠲᠠᠢ ᠶᠢᠨ ᠬᠢᠨ ᠵᠦᠴᠢ ᠶᠢᠨ ᠤᠯᠤᠰ ᠳᠤ ᠬᠠᠮᠢᠶᠠᠷᠴᠤ ᠪᠠᠶᠢᠯᠠ ᠰᠢᠦ ᠳ᠋ᠠ᠃ ᠡᠨᠡ ᠮᠡᠲᠦ ᠰᠢᠲᠤᠯᠴᠠᠭᠠᠠ ᠨᠠᠳᠤᠷ ᠨᠥᠯᠦᠭᠡᠯᠡᠭᠰᠡᠨ ᠪᠢᠵᠡ. ᠡᠳᠦᠭᠡ ᠪᠢ ᠤᠯᠠᠭᠠᠨᠪᠠᠭᠠᠲᠤᠷ ᠳᠤ ᠠᠮᠢᠳᠤᠷᠠᠵᠤ, ᠭᠤᠷᠪᠠᠳᠠᠬᠢ ᠵᠢᠯ ᠳᠤ ᠪᠠᠨ ᠮᠣᠩᠭᠣᠯ ᠬᠡᠯᠡ ᠰᠤᠷᠴᠤ ᠪᠠᠶᠢᠨᠠ᠃
ᠮᠣᠩᠭᠣᠯ ᠪᠣᠯ ᠮᠢᠨᠦ ᠵᠢᠷᠦᠬᠡ ᠰᠡᠳᠬᠢᠯ ᠤᠨ ᠣᠷᠣᠨ. ᠲᠡᠷᠡ ᠳᠤᠮᠳᠠ ᠪᠠᠨ ᠮᠣᠩᠭᠣᠯ ᠤᠨ ᠬᠥᠳᠡᠭᠡ ᠮᠠᠰᠢ ᠭᠣᠶᠣ,
ᠴᠠᠭᠠᠨᠠ ᠡᠴᠡ ᠪᠠᠨ ᠨᠠᠮᠠᠶ᠋ᠢ ᠲᠠᠲᠠᠳᠠᠭ. ᠨᠠᠬᠲᠠᠯᠴᠢᠳ ᠤᠨ ᠰᠤᠶᠤᠯ ᠶᠢᠨ ᠬᠡᠷᠬᠢᠨ ᠬᠠᠳᠠᠭᠠᠯᠠᠵᠤ ᠠᠪᠴᠤ ᠶᠠᠪᠤᠵᠤ ᠪᠠᠶᠢᠨᠠ ᠪᠤᠢ᠂ ᠬᠦᠮᠦᠰ ᠬᠡᠷᠬᠢᠨ ᠬᠠᠷᠢᠯᠴᠠᠵᠤ᠂ ᠶᠠᠮᠠᠷ ᠠᠶᠠᠯᠭᠠ ᠪᠠᠷ ᠶᠠᠷᠢᠵᠤ ᠪᠠᠶᠢᠨᠠ ᠪᠤᠢ ᠭᠡᠬᠦ ᠮᠡᠲᠦ ᠪᠠᠷ ᠪᠦᠬᠦ ᠶᠠᠭᠤᠮᠠ ᠠᠨᠤ ᠶᠡᠬᠡ ᠰᠣᠨᠢᠷᠬᠠᠯ ᠲᠠᠢ᠃ ᠮᠠᠨ ᠤ ᠠᠯᠲᠠᠢ ᠶᠢᠨ ᠬᠢᠨ 70
ᠮᠢᠩᠭᠠᠭᠤᠯᠠ ᠶᠤᠮ ᠰᠢᠦ ᠳ᠋ᠠ᠃ ᠬᠡᠯᠡᠨ ᠤ ᠬᠤᠪᠢ ᠳᠤ
ᠬᠠᠭᠤᠴᠢᠷᠠᠭᠰᠠᠨ ᠲᠠᠯᠠ ᠪᠤᠢ. ᠤᠳᠬᠠ ᠊ᠢᠢ ᠠᠨᠤ ᠮᠡᠳᠡᠬᠦ ᠦᠭᠡᠢ ᠦᠭᠡ ᠬᠡᠯᠡᠯᠭᠡ ᠴᠥᠭᠡᠨ ᠦᠭᠡᠢ᠃ ᠡ᠊ᠠᠲᠠ ᠢᠷᠡᠭᠡᠳ ᠥᠪᠡᠷ ᠤᠨ ᠲᠠᠨᠢᠯ ᠭᠡᠷ, ᠤᠨᠢ, ᠪᠠᠭᠠᠨᠠ ᠭᠡᠬᠦ ᠵᠡᠷᠭᠡ ᠣᠯᠠᠨ ᠦᠭᠡ, ᠬᠡᠯᠡᠯᠭᠡ ᠲᠠᠢ ᠪᠠᠨ ᠲᠠᠭᠠᠷᠠᠳᠠᠭ.
ᠳᠡᠳᠡᠭᠡᠷ ᠦᠭᠡ, ᠦᠭᠦᠯᠡᠪᠦᠷᠢ, ᠦᠯᠢᠭᠡᠷ
ᠳᠣᠮᠣᠭ ᠤᠨ ᠤᠳᠬᠠ ᠊ᠢᠢ ᠠᠨᠤ ᠤᠬᠠᠵᠤ, ᠭᠠᠷᠤᠯ ᠢ ᠠᠨᠤ ᠮᠦᠰᠭᠢᠵᠤ ᠤᠶᠢᠯᠠᠭᠠᠬᠤ ᠪᠦᠷᠢ ᠳᠤ ᠪᠠᠨ ᠥᠪᠡᠷ ᠤᠨ ᠪᠠᠶᠢᠬᠤ ᠶᠣᠰᠣᠲᠠᠢ ᠭᠠᠵᠠᠷ ᠶᠢᠨ ᠣᠯᠵᠤ ᠢᠷᠡᠵᠡᠢ ᠬᠡᠮᠡᠨ ᠪᠣᠳᠣᠳᠠᠭ.





