︽ ᠲᠠᠯᠠ ᠨᠤᠭᠤᠳ ᠤᠨ ᠤᠷᠤᠯᠴᠠᠭᠠᠨ ᠳᠤ ᠲᠤᠯᠭᠠᠭᠤᠷᠢᠯᠠᠨ ᠪᠡᠯᠴᠢᠭᠡᠷ ᠤᠨ ᠵᠠᠰᠭᠨᠯᠠᠯ ᠢ ᠰᠢᠨᠠᠴᠢᠯᠠᠬ ᠢᠨᠦ ︾ ᠣᠯᠠᠨ ᠤᠯᠤᠰ ᠤᠨ ᠪᠣᠳᠤᠯᠭᠠ ᠶᠢᠨ ᠵᠥᠪᠯᠡᠯᠳᠦᠬᠦ ᠠᠭᠤᠯᠵᠠᠯᠲᠠ ᠪᠣᠯᠵᠤ ᠪᠠᠶᠢᠨᠠ᠃ ᠠᠭᠤᠯᠵᠠᠯᠲᠠ ᠳᠤ ᠮᠣᠩᠭᠣᠯ ᠤᠯᠤᠰ ᠡᠴᠡ ᠭᠠᠳᠠᠨᠠ ᠲᠥᠪ ᠠᠽᠢ᠂ ᠡᠮᠦᠨᠡᠲᠦ ᠠᠽᠢ᠂ ᠵᠡᠭᠦᠨ ᠠᠹᠷᠢᠺᠠ, ᠪᠠᠷᠠᠭᠤᠨ ᠠᠹᠷᠢᠺᠠ, ᠧᠦ᠋ᠷᠣᠫᠠ, ᠣᠶᠢᠷᠠᠬᠢ ᠳᠣᠷᠣᠨᠠᠲᠤ ᠪᠣᠯᠤᠨ ᠬᠣᠶᠢᠲᠤ ᠠᠹᠷᠢᠺᠠ ᠶᠢᠨ ᠪᠥᠰᠡ ᠨᠤᠲᠤᠭ ᠤᠨ 13 ᠣᠷᠣᠨ ᠤ ᠲᠥᠷᠦ ᠶᠢᠨ ᠪᠣᠯᠤᠨ ᠢᠷᠭᠡᠨ ᠤ ᠨᠡᠶᠢᠭᠡᠮ ᠤᠨ ᠪᠠᠢᠢᠭᠤᠯᠤᠯᠭᠠ ᠨᠤᠭᠤᠳ, ᠮᠠᠯᠴᠢᠳ ᠤᠨ ᠲᠥᠯᠥᠭᠡᠯᠡᠯ ᠣᠷᠣᠯᠴᠠᠵᠤ ᠪᠠᠶᠢᠨᠠ᠃ ᠲᠡᠳᠡ ᠠᠭᠤᠷ ᠠᠮᠢᠰᠬᠤᠯ ᠤᠨ ᠥᠭᠡᠷᠡᠴᠢᠯᠡᠯᠲᠡ ᠳᠤ ᠬᠠᠷᠢᠭᠤ ᠠᠷᠭᠠ ᠬᠡᠮᠵᠢᠶᠡ ᠠᠪᠬᠤ, ᠬᠦᠷᠲᠡᠭᠡᠮᠵᠢᠲᠡᠢ, ᠣᠯᠠᠨ ᠲᠠᠯᠠᠲᠤ ᠤᠷᠤᠯᠴᠠᠭᠠᠲᠠᠢ᠂ ᠲᠣᠭᠲᠠᠪᠤᠷᠢᠲᠠᠢ ᠪᠡᠯᠴᠢᠭᠡᠷ ᠤᠨ
ᠮᠧᠨᠧᠵᠮᠧᠨᠲ ᠤᠨ ᠲᠠᠯᠠ ᠪᠠᠷ ᠰᠠᠶᠢᠨ ᠲᠤᠷᠰᠢᠯᠭᠠ ᠪᠠᠨ ᠬᠤᠪᠢᠶᠠᠯᠴᠠᠬᠤ, ᠠᠭᠤᠷ ᠠᠮᠢᠰᠬᠤᠯ ᠤᠨ ᠥᠭᠡᠷᠡᠴᠢᠯᠡᠯᠲᠡ ᠳᠤ ᠳᠠᠰᠤᠨ ᠵᠣᠬᠢᠴᠠᠬᠤ ᠪᠣᠯᠤᠨ ᠪᠢᠣᠯᠣᠭᠢ ᠶᠢᠨ ᠣᠯᠠᠨ ᠶᠠᠩᠵᠤ ᠪᠠᠶᠢᠳᠠᠯ ᠢ ᠬᠠᠮᠠᠭᠠᠯᠠᠬᠤ ᠳᠤ
ᠮᠠᠯᠴᠢᠳ ᠤᠨ ᠭᠦᠢᠴᠡᠳᠭᠡᠵᠦ ᠪᠤᠢ ᠡᠭᠦᠷᠭᠡ ᠊ᠢᠢ ᠨᠤᠲᠠᠯᠠᠬᠤ, ᠪᠥᠰᠡ ᠬᠣᠭᠣᠷᠣᠨᠳᠣ ᠶᠢᠨ ᠬᠠᠮᠲᠤ ᠶᠢᠨ ᠠᠵᠢᠯᠯᠠᠭᠠ ᠊ᠢᠢ ᠥᠷᠭᠡᠵᠢᠭᠦᠯᠬᠦ ᠪᠣᠯᠤᠮᠵᠢ ᠶᠢᠨ ᠲᠤᠬᠠᠢ ᠬᠡᠯᠡᠯᠴᠡᠵᠦ ᠪᠠᠶᠢᠨᠠ᠃





