ᠮᠣᠩᠭᠣᠯ ᠤᠯᠤᠰ ᠤᠨ ᠶᠡᠷᠦᠩᠬᠡᠢ ᠰᠠᠶᠢᠳ ᠨᠢ, ᠤᠴᠠᠷᠠᠯ ᠳᠡᠯᠡᠬᠡᠢ ᠶᠢᠨ ᠰᠢᠲᠠᠷᠠ ᠶᠢᠨ ᠬᠣᠯᠪᠣᠭᠠᠨ ᠤ ᠶᠡᠷᠦᠩᠬᠡᠶᠢᠯᠡᠭᠴᠢ ᠠᠷᠺᠠᠲᠢ
ᠳ᠋ᠸᠤᠷᠺᠸᠢᠴ᠂ ᠺᠠᠽᠠᠺᠰᠲ᠋ᠠᠨ ᠤ ᠰᠢᠲᠠᠷᠠ ᠶᠢᠨ ᠬᠣᠯᠪᠣᠭᠠᠨ ᠤ
ᠶᠡᠷᠦᠩᠬᠡᠶᠢᠯᠡᠭᠴᠢ, ︽ ᠹᠷᠢᠲᠤᠮ ᠾᠤᠯᠲᠢᠩ ᠺᠷᠫ ︾ ᠤᠨ ᠡᠭᠦᠰᠬᠡᠨ ᠪᠠᠶᠢᠭᠤᠯᠤᠭᠴᠢ ᠪᠥᠭᠡᠳ ᠭᠦᠢᠴᠡᠳᠭᠡᠬᠦ ᠵᠠᠬᠢᠷᠤᠯ ᠲᠢᠮᠦ᠋ᠷ
ᠷᠦᠰᠯᠠᠨᠤᠸᠢᠴ ᠲᠦᠷᠯᠤᠧ ᠲᠡᠷᠢᠭᠦᠲᠡᠢ ᠲᠥᠯᠦᠭᠡᠯᠡᠭᠴᠢᠳ ᠢ ᠬᠦᠯᠢᠶᠡᠨ ᠠᠪᠴᠤ ᠠᠭᠤᠯᠵᠠᠯᠠ.
ᠠᠭᠤᠯᠵᠠᠯᠲᠠ ᠶᠢᠨ ᠦᠶᠡ ᠪᠠᠷ ᠶᠡᠷᠦᠩᠬᠡᠢ ᠰᠠᠶᠢᠳ ᠮᠣᠩᠭᠣᠯ ᠤᠯᠤᠰ ᠳᠤ ᠠᠽᠢ ᠶᠢᠨ ᠠᠪᠤᠷᠭᠤ ᠰᠢᠯᠭᠠᠷᠠᠭᠤᠯᠬᠤ ᠰᠢᠲᠠᠷᠠ ᠶᠢᠨ
ᠲᠡᠮᠡᠴᠡᠭᠡᠨ ᠢ ᠠᠩᠬᠠ ᠤᠳᠠᠭᠠ ᠵᠣᠬᠢᠶᠠᠨ ᠪᠠᠶᠢᠭᠤᠯᠵᠤ ᠪᠤᠢ ᠠᠨᠤ ᠣᠯᠠᠨ ᠤᠯᠤᠰ ᠤᠨ ᠣᠶᠤᠨ ᠤ ᠰᠫᠣᠷᠲ ᠤᠨ ᠬᠥᠭᠵᠢᠯ ᠳᠤ
ᠣᠷᠣᠭᠤᠯᠵᠤ ᠪᠠᠶᠢᠭᠠ ᠴᠢᠬᠤᠯᠠ ᠬᠤᠪᠢ ᠨᠡᠮᠡᠷᠢ ᠭᠡᠳᠡᠭ ᠢ
ᠤᠨᠴᠠᠯᠠᠭᠤ᠋ᠨ᠂ ᠴᠢᠨᠠᠭᠰᠢᠳᠠ ᠣᠯᠠᠨ ᠤᠯᠤᠰ ᠤᠨ ᠬᠡᠮᠵᠢᠶᠡᠨ ᠤ ᠣᠶᠤᠨ ᠤ ᠰᠫᠣᠷᠲ ᠤᠨ ᠲᠡᠮᠡᠴᠡᠭᠡᠨ ᠢ ᠲᠣᠭᠲᠠᠮᠠᠯ ᠵᠣᠬᠢᠶᠠᠨ ᠪᠠᠶᠢᠭᠤᠯᠬᠤ, ᠵᠠᠯᠠᠭᠤ ᠰᠢᠲᠠᠷᠠᠴᠢᠳ ᠢ ᠳᠡᠮᠵᠢᠵᠦ, ᠬᠠᠮᠲᠤ ᠶᠢᠨ ᠠᠵᠢᠯᠯᠠᠭᠠ ᠪᠠᠨ ᠥᠷᠭᠡᠵᠢᠭᠦᠯᠬᠦ ᠪᠠᠨ ᠢᠯᠠᠷᠭᠠᠢᠢᠯᠠᠯᠠ᠃




