ᠨᠠᠮᠠᠶ᠋ᠢ ᠳᠣ᠋, ᠡᠷᠳᠡᠨᠢᠲᠤᠶᠠᠭᠠ ᠭᠡᠳᠡᠭ.
ᠪᠢ ᠮᠠᠷᠺᠧᠲ᠋ᠢᠩᠳ ᠮᠧᠨᠧᠵᠧᠷ, ᠰᠡᠳᠬᠢᠯ ᠵᠦᠢᠴᠢ
ᠮᠡᠷᠭᠡᠵᠢᠯ ᠲᠠᠢ. ᠨᠢᠭᠡᠨ ᠬᠡᠪ ᠳ᠂ ᠵᠣᠵᠢᠭ ᠠᠮᠢᠳᠤᠷᠠᠯ ᠢ ᠮᠢᠨᠢ ᠲᠠᠷᠠᠯᠵᠢ ᠶᠢᠨ ᠮᠣᠷᠢᠨ ᠠᠶᠠᠯᠠᠯ ᠥᠭᠡᠷᠡᠴᠢᠯᠡᠭᠰᠡᠨ ᠶᠤᠮ᠃
ᠠᠩᠬᠠᠨ ᠤ ᠠᠶᠠᠯᠠᠯ ᠳᠤ ᠭᠠᠷᠬᠤ ᠳᠤ ᠪᠠᠨ ᠪᠢ ᠠᠮᠠ
ᠵᠥᠭᠡᠯᠡᠨ ᠲᠠᠢ, ᠬᠥᠩᠭᠡᠨ ᠬᠥᠯ ᠲᠠᠢ, ᠥᠨᠳᠥᠷ ᠮᠣᠷᠢ ᠤᠨᠤᠮᠠᠷ
ᠪᠠᠶᠢᠭᠠ ᠪᠠᠨ ᠬᠡᠯᠡᠭᠰᠡᠨ.
ᠲᠤᠬᠠᠢ ᠶᠢᠨ ᠦᠶᠡ ᠳᠤ ᠶᠠᠭ ᠲᠡᠶᠢᠮᠦ ᠮᠣᠷᠢ ᠣᠯᠵᠤ ᠣᠨᠣᠭᠰᠠᠨ. ᠮᠣᠷᠢ ᠣᠨᠣᠬᠤ ᠪᠠᠷ ᠬᠦᠮᠦᠨ ᠤ ᠰᠡᠳᠬᠢᠯ ᠵᠢᠷᠦᠬᠡ ᠲᠦᠬᠷᠴᠤ᠂ ᠪᠡᠶᠡ ᠵᠢᠪᠠᠤ᠋ᠭᠠᠵᠢᠨ
ᠴᠢᠩᠭᠠᠷᠠᠳᠠᠭ. ᠪᠠᠰᠠ ᠴᠡᠪᠡᠷ ᠠᠭᠠᠷ ᠳᠤ ᠭᠠᠷᠴᠢᠭᠨᠨᠠ᠃
ᠲᠡᠶᠢᠮᠦ ᠳᠤ ᠪᠠᠨ ᠴᠤ ᠥᠪᠡᠷ ᠢ ᠪᠠᠨ ᠬᠦᠴᠦᠯᠡᠨ ᠪᠠᠷᠢᠨ ᠽᠠᠯ ᠳᠤ ᠣᠴᠢᠬᠤ ᠶᠢᠨ ᠣᠷᠣᠨ ᠳᠤ ᠳᠣᠯᠣᠭᠠ
ᠬᠣᠨᠣᠭ ᠳᠤ ᠨᠢᠭᠡ ᠤᠳᠠᠭᠠ ᠮᠣᠷᠢ ᠯᠠ ᠣᠨᠣᠵᠤ ᠪᠠᠶᠢᠶᠠ ᠬᠡᠮᠡᠨ ᠰᠢᠢᠲᠤᠭ᠍ᠰᠠᠨ ᠶᠤᠮ᠃ ᠣᠴᠢᠬᠤ ᠪᠦᠷᠢ ᠳᠤ ᠪᠠᠨ
ᠨᠥᠭᠥᠭᠡ ᠬᠡᠭᠡᠷ ᠮᠣᠷᠢ ᠪᠠᠨ ᠬᠠᠶᠢᠵᠤ ᠣᠯᠤᠭᠠᠳ ᠣᠨᠣᠳᠠᠭ ᠪᠠᠢᠢᠪᠠᠢ᠃
ᠪᠢ ᠮᠣᠷᠢ ᠣᠨᠣᠬᠤ ᠪᠠᠷ ᠶᠢᠨ ᠢᠰᠭᠠᠷᠴᠤ᠂ ᠳᠠᠭᠤ ᠠᠪᠢᠶᠠ ᠭᠠᠷᠭᠠᠬᠤ ᠳᠤᠷᠠᠲᠠᠢ. ᠮᠣᠷᠢᠨ ᠤ ᠤᠶᠠᠭᠠ
ᠤᠷᠤᠭᠤ ᠣᠴᠢᠬᠤ ᠳᠤ ᠪᠠᠨ ᠨᠥᠭᠥᠭᠡ ᠶᠠᠩᠵᠤ ᠪᠠᠷ ᠶᠢᠨ ᠢᠰᠭᠠᠷᠳᠭ᠍ᠬᠲᠠ ᠬᠡᠭᠡᠷ ᠮᠣᠷᠢ ᠮᠢᠨᠢ ᠭᠠᠭᠴᠠᠭᠠᠷ ᠶᠢᠨ
ᠦᠨᠲᠢ᠋ᠢᠭᠠᠳ ᠨᠠᠮᠠᠶ᠋ᠢ ᠲᠠᠨᠢᠵᠤ ᠪᠤᠢ ᠪᠠᠨ ᠢᠯᠠᠷᠭᠠᠢᠢᠯᠠᠲᠩ ᠪᠣᠯᠤᠯᠠ.
ᠡᠮᠦᠨᠡ ᠢᠨᠦ ᠣᠷᠣᠯᠳᠤᠳᠠᠭ ᠪᠠᠶᠢᠭᠰᠠᠨ ᠬᠡᠮᠡᠬᠦ ᠬᠤᠷᠳᠤᠨ ᠬᠡᠭᠡᠷ ᠮᠣᠷᠢᠨ ᠳᠤ ᠪᠠᠨ ᠪᠢ ︽ ᠰᠤᠮᠤᠬᠦ᠋ᠦ ︾ ᠬᠡᠮᠡᠬᠦ ᠨᠡᠷᠡ
ᠥᠭᠭᠦᠭᠰᠡᠨ ᠶᠤᠮ᠃ ᠰᠤᠮᠤᠬᠦ᠋ᠦ ᠮᠢᠨᠢ ᠯᠠ ᠨᠠᠮᠠᠶ᠋ᠢ ᠮᠣᠷᠢ
ᠤᠨᠤᠭᠤᠯᠵᠤ ᠰᠤᠷᠭᠭᠨᠰᠠᠨ᠃ ᠲᠡᠶᠢᠮᠦ ᠪᠣᠯᠬᠣᠷ ᠪᠢ ᠲᠡᠭᠦᠨ ᠢ
︽ ᠪᠠᠭᠰᠢ ︾ ᠬᠡᠮᠡᠨ ᠪᠣᠳᠣᠳᠠᠭ.
ᠰᠤᠮᠤᠬᠦ᠋ᠦ ᠨᠠᠮᠠᠶ᠋ᠢ ᠾᠨᠷᠢᠰᠮ ᠲᠠᠢ, ᠵᠣᠷᠢᠯᠭᠠ
ᠲᠡᠮᠡᠦᠯᠦᠯ ᠲᠠᠢ, ᠠᠮᠢᠳᠤᠷᠠᠯ ᠤᠨ ᠢᠳᠡᠪᠬᠢ ᠲᠠᠢ ᠪᠣᠯᠭᠠᠨ
ᠥᠭᠡᠷᠡᠴᠢᠯᠡᠭᠰᠡᠨ ᠶᠤᠮ᠃ ᠬᠡᠳᠦᠢ ᠪᠠᠷ ᠪᠢ ᠮᠣᠷᠢᠲᠤ
ᠬᠠᠷᠪᠭᠠᠨ ᠤ ᠺᠯᠦ᠋ᠪ ᠳᠤ ᠭᠢᠴᠢᠶᠠᠯᠯᠠᠲᠩ᠂
ᠮᠣᠷᠢ ᠣᠨᠣᠳᠠᠭ ᠴᠤ ᠲᠠᠷᠠᠯᠵᠢ ᠤᠷᠤᠬᠤ ᠵᠥᠪᠬᠡᠨ
ᠰᠤᠮᠤᠬᠦ᠋ᠦ ᠲᠠᠢ ᠪᠠᠨ ᠯᠠ ᠠᠭᠤᠯᠵᠠᠬᠤ ᠭᠡᠵᠦ ᠮᠥᠩᠭᠥ
ᠲᠥᠯᠥᠭᠡᠳ ᠣᠴᠢᠳᠠᠭ ᠪᠣᠯᠤᠭᠰᠠᠨ ᠳ᠋ᠠ᠃
ᠪᠠ᠂ ᠡ᠊ᠩᠭᠠᠲᠤᠶᠠᠭᠠ



