ᠰᠤᠷᠤᠭᠴᠢ ᠨᠠᠰᠤᠨ ᠳᠤ ᠪᠠᠨ ᠪᠦᠲᠦᠭᠡᠯ ᠤᠨ
ᠦᠵᠠᠰᠬ᠊ᠯᠨᠠ ᠶᠢᠨ ᠭᠠᠷᠭᠠᠭᠰᠠᠨ ᠬᠡᠦᠬᠡᠳ ᠤᠳ - 5
ᠤᠷᠠᠨ ᠪᠦᠲᠦᠭᠡᠯᠴᠢ ᠬᠦᠮᠦᠨ ᠪᠦᠷᠢ ᠬᠠᠪᠤᠷ ᠤᠨ ᠳᠣᠭᠳᠣᠯᠤᠯ ᠢ ᠮᠡᠳᠡᠷᠡᠬᠦ ᠶᠢᠨ ᠲᠤᠯᠠᠳᠠ ᠲᠤᠭᠤᠷᠪᠢᠨ
ᠪᠢᠲᠤᠭᠠᠲᠩ ᠴᠤ ᠪᠠᠶᠢᠵᠤ ᠮᠠᠭᠠᠳ ᠦᠭᠡᠢ᠃
ᠾᠤ᠋ ᠱᠢ ᠮᠢᠨ ᠤ ᠨᠡᠷᠡᠮᠵᠢᠲᠦ ᠨᠡᠶᠢᠰᠯᠡᠯ ᠤᠨ 14 ᠳ᠋ᠤᠭᠠᠷ ᠰᠤᠷᠭᠠᠭᠤᠯᠢ ᠳᠤ ᠨᠢᠭᠡᠨ ᠤᠷᠠᠨ ᠪᠦᠲᠦᠭᠡᠯᠴᠢ
ᠰᠤᠷᠤᠭᠴᠢ ︽ ᠬᠠᠪᠤᠷ ︾ ᠬᠡᠮᠡᠬᠦ ᠤᠷᠠᠨ ᠪᠢᠴᠢᠯᠭᠡ ᠶᠢᠨ ᠦᠵᠡᠰᠬᠦᠯᠡᠩ ᠶᠢᠨ ᠣᠯᠠᠨ ᠳᠤ ᠳᠡᠯᠭᠡᠨ ᠤᠷᠠᠨ ᠪᠦᠲᠦᠭᠡᠯᠴᠢ ᠶᠢᠨ ᠨᠠᠮᠲᠠᠷ ᠳᠤ ᠪᠠᠨ ᠨᠢᠭᠡᠨ ᠰᠢᠨᠡ ᠬᠠᠭᠤᠳᠠᠰᠤ ᠨᠡᠭᠡᠭᠡᠵᠦ ᠪᠠᠶᠢᠨᠠ᠃
ᠣᠪᠤᠭ ᠨᠡᠷᠡ= ᠫᠦᠷᠪᠦᠰᠦ᠋ᠷᠦᠩ ᠤᠨ ᠮᠢᠰᠢᠶᠡᠯ
ᠰᠤᠷᠭᠠᠭᠤᠯᠢ, ᠠᠩᠭᠢ= ᠨᠡᠶᠢᠰᠯᠡᠯ ᠤᠨ ᠶᠡᠷᠦᠩᠬᠡᠢ
ᠪᠣᠯᠪᠠᠰᠤᠷᠠᠯ ᠤᠨ 14 ᠳ᠋ᠤᠭᠠᠷ ᠰᠤᠷᠭᠠᠭᠤᠯᠢ
ᠠᠩᠭᠢ ᠤᠳᠤᠷᠢᠳᠤᠭᠰᠠᠨ ᠪᠠᠭᠰᠢ= ᠮᠠ᠂ ᠪᠤᠯᠠᠭᠠᠨ
ᠦᠨᠳᠦᠰᠦᠨ ᠤ ᠪᠢᠴᠢᠭ ᠳᠤ ᠰᠤᠷᠤᠯᠴᠭᠨᠰᠠᠨ ᠠᠨᠤ=
ᠣᠪᠰᠣ ᠠᠶᠢᠮᠠᠭ ᠤᠨ ᠴᠠᠭᠨᠭ᠍ᠠᠬᠢᠢᠷᠭᠨᠨ ᠰᠤᠮᠤ ᠶᠢᠨ ᠶᠠ᠂ ᠪ, ᠰᠤᠷᠭᠠᠭᠤᠯᠢ ᠶᠢᠨ ᠵᠢᠷᠭᠤᠭᠠ ᠡᠴᠡ ᠶᠢᠰᠤᠲᠠᠭᠠᠷ ᠠᠩᠭᠢ ᠳᠤ ᠪᠠ᠂ ᠤᠤᠭᠠᠨᠪᠠᠶᠠᠷ ᠪᠠᠭᠰᠢ ᠪᠠᠷ ᠶᠢᠨ
ᠵᠢᠭᠠᠯᠭᠠᠵᠤ, ᠬᠣᠲᠠ ᠳᠤ ᠢᠷᠡᠭᠡᠳ ᠭᠤ᠋᠂ ᠪᠣᠯᠣᠷᠮᠠ ᠪᠠᠭᠰᠢ ᠊ᠢᠢᠠᠷ ᠶᠢᠨ ᠬᠢᠨᠵᠠᠭᠠᠢᠢᠷᠠᠬᠯᠳ ᠵᠢᠭᠠᠯᠭᠭᠨᠰᠠᠨ᠃
ᠪᠢᠷ ᠤᠨ ᠪᠢᠴᠢᠭᠲ᠋ᠤ ᠰᠤᠷᠤᠯᠴᠭᠨᠰᠠᠨ ᠠᠨᠤ= ᠳᠣᠯᠣᠳᠤᠭᠠᠷ ᠠᠩᠭᠢ ᠳᠤ ᠪᠠᠨ ᠪᠠ᠂ ᠤᠤᠭᠠᠨᠪᠠᠶᠠᠷ
ᠪᠠᠭᠰᠢ ᠶᠢᠨ ᠤᠳᠤᠷᠢᠳᠤᠭᠰᠠᠨ ︽ ᠰᠢᠳᠢᠲᠦ ᠪᠢᠷ - 2 ︾ ᠳᠤᠭᠤᠶᠢᠯᠠᠩ ᠳᠤ ᠭᠢᠴᠢᠶᠠᠯᠯᠠᠵᠤ ᠡᠬᠢᠯᠡᠭᠰᠡᠨ.
ᠦᠵᠡᠰᠬᠦᠯᠡᠩ ᠤᠨ ᠣᠨᠴᠠᠯᠢᠭ= ᠣᠯᠠᠨ ᠵᠢᠯ ᠪᠢᠷ ᠤᠨ ᠪᠢᠴᠢᠭ, ᠤᠷᠠᠨ ᠪᠢᠴᠢᠯᠭᠡ ᠪᠢᠴᠢᠭᠰᠡᠨ ᠲᠤᠯᠠ
ᠲᠡᠭᠦᠰᠬᠦ ᠳᠤ ᠪᠠᠨ ᠦᠵᠡᠰᠬᠦᠯᠡᠩ ᠶᠢᠨ ᠣᠯᠠᠨ ᠳᠤ ᠳᠡᠯᠭᠡᠵᠦ, ᠪᠦᠲᠦᠭᠡᠯ ᠤᠳ ᠶᠢᠨ ᠰᠤᠷᠭᠠᠭᠤᠯᠢ ᠳᠤ ᠪᠠᠨ ᠦᠯᠡᠳᠡᠭᠡᠬᠦ ᠊ᠢᠢ ᠬᠦᠰᠡᠭᠰᠡᠨ ᠶᠤᠮ᠃
ᠪᠦᠲᠦᠭᠡᠯ ᠤᠨ ᠲᠣᠭᠠ= ᠡᠨᠡ ᠬᠥ 50 ᠦᠵᠡᠰᠬᠦᠯᠡᠩ ᠳᠤ ᠪᠦᠲᠦᠭᠡᠯ ᠊ᠢᠢᠠᠷ ᠳᠡᠯᠭᠡᠭᠰᠡᠨ.
ᠬᠠᠮᠲᠤ ᠣᠯᠠᠨ ᠤ ᠣᠨᠴᠠᠯᠢᠭ= ᠨᠡᠶᠢᠭᠡᠮ ᠤᠨ
ᠬᠢᠨᠵᠠᠭᠠᠢᠢᠷᠠᠬᠯᠤᠭ᠍ᠰᠠᠨ ᠰᠤᠷᠭᠠᠯᠲᠠ ᠲᠠᠢ ᠠᠩᠭᠢ ᠳᠤ ᠰᠤᠷᠲᠠᠭ᠃
ᠮᠡᠷᠭᠡᠵᠢᠯ ᠶᠢᠨ ᠰᠣᠩᠭᠣᠭᠰᠠᠨ ᠡᠰᠡᠬᠦ= ᠺᠢᠪᠧᠷ ᠠᠶᠤᠯ ᠦᠭᠡᠢ ᠪᠠᠶᠢᠳᠠᠯ ᠤᠨ ᠴᠢᠭᠯᠠᠯ ᠊ᠢᠢᠠᠷ ᠰᠤᠷᠤᠯᠴᠠᠨᠠ.
ᠪᠢᠴᠢᠬᠠᠨ ᠰᠤᠷᠪᠯᠵᠢᠯᠭᠠ
ᠲᠡᠷᠡ ᠪᠠᠷ ᠳᠤᠮᠳᠠᠳᠤ ᠠᠩᠭᠢ ᠳᠤ ᠰᠤᠷᠤᠯᠴᠠᠵᠤ
ᠪᠠᠶᠢᠬᠤ ᠳᠤ ᠪᠠᠨ ᠣᠪᠰᠣ ᠠᠶᠢᠮᠠᠭ ᠳᠤ ᠪᠣᠯᠤᠭᠰᠠᠨ ︽ ᠰᠤᠷᠤᠭᠴᠢ ᠰᠤᠯᠢᠯᠴᠠᠭᠠ ︾ ᠶᠢᠨ ᠬᠥᠲᠥᠯᠪᠦᠷᠢ ᠪᠠᠷ ᠰᠤᠮᠤᠨ ᠳᠤ ᠠᠩᠬᠠ
ᠪᠢᠷ ᠤᠨ ᠪᠢᠴᠢᠯᠭᠡ ᠰᠤᠷᠴᠤ ᠡᠬᠢᠯᠡᠵᠡᠢ. ᠠᠷᠪᠠᠨ ᠵᠢᠯ ᠤᠨ
ᠬᠠᠮᠤᠭ ᠤᠨ ᠰᠡᠭᠦᠯ ᠤᠨ ᠵᠢᠯ, ᠮᠥᠨ ᠡ᠂ ᠶᠠ᠂ ᠰᠢᠯᠭᠠᠯᠲᠠ ᠪᠠᠨ
ᠥᠭᠴᠦ ᠰᠤᠷᠭᠠᠭᠤᠯᠢ ᠶᠢᠨ ᠬᠤᠪᠢᠶᠠᠷᠢ ᠪᠠᠨ ᠠᠪᠬᠤ ᠣᠯᠠᠨ
ᠴᠢᠬᠤᠯᠠ ᠵᠦᠢᠯ ᠲᠣᠬᠢᠶᠠᠬᠤ ᠤᠴᠢᠷ ᠡᠨᠡ ᠬᠥ ᠬᠠᠪᠤᠷ ᠢ
ᠤᠨᠴᠤᠭᠦ᠋ᠢᠯᠠᠨ ᠦᠵᠡᠰᠬᠦᠯᠡᠩ ᠶᠢᠨ ︽ ᠬᠠᠪᠤᠷ ︾ ᠬᠡᠮᠡᠨ
ᠨᠠᠷᠠᠯᠠᠵᠠᠢ᠃
ᠡᠨᠡ ᠬᠥ ᠰᠡᠳᠦᠪ ᠢ ᠭᠣᠣᠯᠯᠠᠨ ᠶᠡᠬᠡᠩᠬᠢ ᠪᠦᠲᠦᠭᠡᠯ ᠶᠢᠨ
ᠲᠤᠭᠤᠷᠪᠢᠭᠰᠠᠨ ᠪᠠ ᠮᠠᠯᠴᠢᠳ ᠤᠨ ᠠᠬᠤᠢ ᠠᠮᠢᠳᠤᠷᠠᠯ ᠲᠠᠢ
ᠬᠣᠯᠪᠣᠭᠰᠠᠨ 50 ᠪᠦᠲᠦᠭᠡᠯ ᠡᠴᠡ ︽ ᠬᠠᠪᠤᠷ ︾ ᠦᠵᠡᠰᠬᠦᠯᠡᠩ ᠪᠥᠷᠢᠳᠬᠦ ᠠᠵᠠᠢ.
- ᠪᠢᠷ ᠤᠨ ᠪᠢᠴᠢᠯᠭᠡ ᠠᠩᠬᠠᠯᠠᠨ ᠰᠣᠨᠢᠷᠬᠠᠭᠰᠠᠨ ᠲᠤᠬᠠᠢ ᠠᠨᠤ ᠯᠠᠪᠯᠠᠨ ᠠᠰᠠᠭᠤᠬᠤ ᠳᠤ ᠲᠡᠷᠡ ᠦᠭᠦᠯᠡᠬᠦ ᠳᠤ ᠪᠠᠨ᠄
- ᠪᠢᠴᠢᠬᠦ ᠳᠤ ᠠᠮᠤᠭᠤᠯᠠᠩ, ᠲᠠᠶᠢᠪᠤᠩ ᠮᠡᠳᠡᠷᠡᠮᠵᠢ
ᠥᠭᠳᠡᠭ. ᠡᠬᠡ ᠬᠡᠯᠡ, ᠪᠢᠴᠢᠭ ᠰᠤᠶᠤᠯ ᠶᠢᠨ ᠲᠡᠭᠡᠭᠡᠵᠦ
ᠪᠤᠰᠤᠳ ᠳᠤ ᠲᠦᠭᠡᠭᠡᠬᠦ ᠬᠡᠷᠡᠭᠲᠡᠢ ᠰᠠᠨᠠᠭᠳᠠᠳᠠᠭ ᠶᠤᠮ᠃ ᠣᠯᠠᠨ ᠰᠤᠶᠤᠯ ᠳᠡᠯᠡᠬᠡᠢ ᠳᠤ ᠲᠠᠷᠬᠠᠭᠰᠠᠨ ᠴᠤ ᠮᠣᠩᠭᠣᠯ ᠬᠡᠦᠬᠡᠳ ᠪᠦᠷᠢ ᠡᠬᠡ ᠬᠡᠯᠡ, ᠰᠤᠶᠤᠯ ᠶᠢᠨ ᠮᠡᠳᠡᠳᠡᠭ, ᠳᠡᠭᠡᠳᠦᠯᠡᠳᠡᠭ ᠪᠠᠶᠢᠭᠠᠰᠠᠢ ᠬᠡᠮᠡᠨ ᠬᠦᠰᠡᠳᠡᠭ ᠲᠤᠬᠠᠢ ᠪᠠᠨ ᠶᠠᠷᠢᠪᠠᠢ᠃
ᠪᠦᠲᠦᠭᠡᠯ ᠤᠨ ᠶᠢᠨ ᠰᠡᠳᠦᠪ, ᠢᠯᠠᠷᠭᠠᠢᠢᠯᠠᠮᠵᠢ ᠊ᠢᠢ
ᠥᠪᠡᠷ ᠶᠢᠨ ᠡᠷᠢᠯᠭᠢᠯᠠᠲᠩ ᠪᠣᠯᠪᠠᠴᠤ ᠵᠠᠷᠢᠮ ᠳᠤ ᠪᠠᠨ
ᠪᠠᠭᠰᠢ ᠲᠠᠢ ᠪᠠᠨ ᠵᠦᠪᠯᠠᠯᠲᠳ ᠰᠠᠨᠠᠯ ᠰᠣᠯᠢᠯᠴᠠᠳᠠᠭ ᠪᠠᠶᠢᠨᠠ᠃
ᠠᠪᠤ, ᠡᠵᠢ ᠮᠢᠨᠢ ᠴᠢᠳᠠᠯ ᠊ᠢᠢᠠᠷ ᠶᠢᠨ ᠳᠠᠮᠵᠢᠨ ᠲᠤᠰᠠᠯᠠᠲᠠᠭ᠃ᠮᠳᠭ᠍ᠭᠤᠯ ᠤᠨ ᠪᠠᠷᠠᠭᠤᠨ ᠬᠢᠵᠠᠭᠠᠷ ᠣᠪᠰᠣ ᠠᠶᠢᠮᠠᠭ ᠳᠤ ᠠᠵᠤ ᠲᠦᠷᠳ ᠠᠮᠢᠳᠤᠷᠠᠳᠠᠭ ᠴᠤ ᠪᠦᠲᠦᠭᠡᠯ ᠳᠤ ᠬᠡᠷᠡᠭᠲᠡᠢ ᠪᠦᠬᠦᠢ ᠯᠠ ᠵᠦᠢᠯ ᠢ ᠠᠪᠴᠤ ᠥᠭᠳᠡᠭ ᠢ ᠪᠠᠭᠨᠷᠭᠨᠨ ᠶᠠᠷᠢᠵᠤ ᠪᠠᠶᠢᠨᠠ᠃
ᠣᠷᠣᠯᠴᠠᠭᠰᠠᠨ ᠦᠵᠠᠰᠬᠯᠭᠭ᠌᠂ᠠᠮᠵᠢᠯᠲᠠ ᠨᠤᠭᠤᠳ
2025 ᠣᠨ ᠳᠤ ︽ ᠮᠥᠩᠬᠡ ᠲᠩᠷᠢ ᠶᠢᠨ ᠪᠢᠴᠢᠭ ︾ ᠤᠷᠠᠨ ᠪᠢᠴᠢᠯᠭᠡ ᠶᠢᠨ ᠦᠵᠡᠰᠬᠦᠯᠡᠩ,
︽ ᠡᠬᠡ ᠬᠡᠯᠡᠨ ᠤ ᠪᠠᠶᠠ᠘ ︾ ᠤᠨ ᠡᠳᠦᠷ ᠳᠤ ᠵᠣᠷᠢᠭᠤᠯᠤᠭᠰᠠᠨ ᠪᠢᠷ ᠤᠨ
ᠪᠢᠴᠢᠯᠭᠡ ᠶᠢᠨ ᠳᠤᠭᠤᠶᠢᠯᠠᠩ ᠤᠨ ᠰᠤᠷᠳᠨᠴᠢᠳ ᠤᠨ ᠦᠵᠡᠰᠬᠦᠯᠡᠩ ᠳᠤ
ᠪᠦᠲᠦᠭᠡᠯ ᠶᠢᠨ ᠳᠡᠯᠭᠡᠵᠦ,
2025 ᠣᠨ ᠳᠤ ︽ ᠮᠳᠭᠭᠤ᠋᠗ ᠤᠨ ᠰᠠᠶᠢᠬᠠᠨ ᠪᠢᠴᠢᠭᠲᠠᠨ ︾ ᠣᠯᠠᠨ ᠤᠯᠤᠰ ᠤᠨ ᠤᠷᠤᠯᠳᠤᠭᠠᠨ,
- ᠮᠣᠩᠭᠣᠯ ᠤᠨ ᠬᠡᠦᠬᠡᠳ ᠤᠨ ᠣᠷᠳᠣᠨ ᠡᠴᠡ ᠵᠣᠬᠢᠶᠠᠨ ᠪᠠᠶᠢᠭᠤᠯᠤᠭᠰᠠᠨ
ᠬᠢᠴᠢᠶᠡᠩᠭᠦᠢ ᠪᠢᠴᠢᠭ ᠤᠨ ᠤᠷᠤᠯᠳᠤᠭᠠᠨ ᠳᠤ ᠠᠮᠵᠢᠯᠲᠠ ᠲᠠᠢ ᠣᠷᠣᠯᠴᠠᠵᠤ,
- ︽ ᠦᠨᠳᠦᠰᠦᠨ ᠤ ᠪᠢᠴᠢᠭ - 3 ︾ ᠬᠥᠲᠥᠯᠪᠦᠷᠢ ᠶᠢᠨ ᠬᠦᠷᠢᠶᠡᠨ ᠳᠤ ᠵᠣᠬᠢᠶᠠᠨ ᠪᠠᠶᠢᠭᠤᠯᠤᠭᠰᠠᠨ ᠬᠢᠴᠢᠶᠡᠩᠭᠦᠢ ᠪᠢᠴᠢᠭ ᠤᠨ ᠠᠪᠤᠷᠭᠤ ᠰᠢᠯᠭᠠᠷᠠᠭᠤᠯᠬᠤ
ᠤᠷᠤᠯᠳᠤᠭᠠᠨ ᠳᠤ ᠭᠤᠳᠤᠭᠠᠷ ᠪᠠᠶᠢᠷᠢ ᠡᠵᠡᠯᠡᠨ
- 11 ᠳ᠋ᠤᠭᠠᠷ ᠠᠩᠭᠢ ᠳᠤ ᠪᠠᠨ ᠪᠠᠶᠠᠨᠵᠢᠷᠦᠬᠡ ᠳᠡᠭᠦᠷᠭᠡ ᠶᠢᠨ ᠦᠨᠳᠦᠰᠦᠨ ᠤ ᠪᠢᠴᠢᠭ ᠤᠨ ᠣᠯᠢᠮᠫᠢᠶᠠᠳ᠋ ᠳᠤ ᠲᠣᠰ ᠲᠣᠰ ᠣᠷᠣᠯᠴᠠᠭᠰᠠᠨ ᠪᠠᠶᠢᠨᠠ᠃
ᠰᠤᠷᠪᠤᠯᠵᠢᠯᠠᠭᠴᠢ= ᠡ᠂ ᠡᠷᠳᠡᠨᠢᠳᠠᠯᠠᠢ





