ᠰᠡᠯᠡᠩᠭᠡ ᠠᠶᠢᠮᠠᠭ ᠤᠨ ᠶᠢᠷᠦᠭᠡ ᠰᠤᠮᠤ ᠶᠢᠨ ᠪᠭᠳᠲᠤ ᠲᠣᠰᠬᠣᠨ ᠤ ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠨᠡᠶᠢᠲᠡ 49 ᠪᠠᠭᠰᠢ, ᠠᠵᠢᠯᠲᠠᠨ ᠲᠠᠢ᠃ ᠲᠣᠰ ᠰᠤᠷᠭᠠᠭᠤᠯᠢ ᠶᠢᠨ ᠬᠠᠮᠲᠤ ᠣᠯᠠᠨ 2025 - 2026 ᠣᠨ ᠤ ᠬᠢᠴᠢᠶᠡᠯ ᠤᠨ ᠵᠢᠯ ᠳᠣ᠋, ᠲᠥᠷᠦ ᠶᠢᠨ ᠠᠯᠪᠠᠨ ᠬᠠᠭᠠᠭᠴᠢ ᠶᠢᠨ ᠮᠣᠩᠭᠣᠯ ᠪᠢᠴᠢᠭ ᠤᠨ ᠴᠢᠳᠠᠪᠤᠷᠢ ᠊ᠢᠢ ᠠᠬᠢᠭᠤᠯᠬᠤ, ᠭᠠᠷᠩᠯᠠᠭᠠᠠ ᠪᠣᠯᠭᠠᠬᠤ, ᠪᠤᠰᠤᠳ ᠲᠥᠷᠦ ᠶᠢᠨ ᠪᠠᠢᠢᠭᠤᠯᠤᠯᠭᠠ ᠨᠤᠭᠤᠳ ᠶᠢᠨ ᠤᠷᠢᠶᠠᠯᠠᠬᠤ ᠵᠣᠷᠢᠯᠭᠠ ᠲᠠᠢ ᠪᠠᠷ ︽ ᠬᠦᠮᠦᠨ ᠪᠢᠴᠢᠭᠲᠠᠨ ᠬᠠᠮᠲᠤ ᠣᠯᠠᠨ ᠪᠯᠵᠠᠭᠠᠶᠠ ︾ ᠤᠷᠢᠶᠠᠯᠠᠭᠠ ᠲᠠᠪᠰᠢᠬᠯᠳ ︽ ᠬᠦᠮᠦᠨ ᠪᠢᠴᠢᠭ ︾ ᠰᠣᠨᠢᠨ ᠢ ᠬᠣᠶᠠᠷ ᠤᠯᠠᠷᠢᠯ ᠤᠨ ᠲᠤᠷᠰᠢ ᠵᠠᠭᠢᠶᠠᠯᠠᠨ ᠤᠩᠰᠢᠵᠤ ᠪᠠᠶᠢᠭᠠ ᠶᠤᠮ᠃ ᠬᠦᠮᠦᠨ ᠪᠦᠷᠢ ᠳᠡᠪᠲᠡᠷ ᠨᠡᠭᠡᠭᠡᠵᠦ ᠲᠣᠰ ᠰᠣᠨᠢᠨ ᠡᠴᠡ ᠮᠡᠳᠡᠭᠡ, ᠦᠭᠦᠯᠡᠯ, ᠠᠶᠠᠨ ᠵᠠᠮ ᠤᠨ ᠲᠠᠮᠲᠩᠯᠠᠯ᠂ ᠲᠠᠨᠢᠨ ᠮᠠᠲᠠᠬᠢ ᠶᠢᠨ ᠪᠤᠯᠤᠩ ᠢ ᠤᠩᠰᠢᠨ ᠬᠢᠷᠪᠠᠬᠯᠵᠤ᠂ ᠬᠠᠭᠤᠯᠳ ᠪᠢᠴᠢᠭᠰᠡᠨ ᠊ᠢᠢᠠᠷ
ᠦᠨᠳᠦᠰᠦᠨ ᠤ ᠪᠢᠴᠢᠭ ᠤᠨ ᠮᠡᠳᠡᠯᠭᠡ, ᠴᠢᠳᠠᠪᠤᠷᠢ ᠰᠠᠶᠢᠵᠢᠷᠠᠵᠤ, ᠪᠢᠴᠢᠭ ᠰᠤᠶᠤᠯ ᠶᠢᠨ ᠦᠷᠡ ᠳ᠋ᠦᠩ ᠲᠠᠢ
ᠬᠠᠮᠲᠤᠷᠠᠨ ᠰᠤᠷᠤᠯᠴᠠᠵᠤ ᠪᠠᠶᠢᠨᠠ᠃ ᠪᠢᠳᠡ ᠪᠠᠭᠰᠢ, ᠠᠵᠢᠯᠴᠢᠳ ᠤᠨ ᠶᠢᠨ ᠭᠠᠷᠤᠭᠠ ᠊ᠢᠢ ᠲᠣᠭᠲᠠᠭᠠᠨ, ᠲᠦᠪᠰᠢᠨ ᠳᠤ ᠢᠨᠦ ᠲᠣᠬᠢᠷᠠᠭᠰᠠᠨ ᠰᠤᠷᠭᠠᠯᠲᠠ ᠵᠥᠪᠯᠡᠭᠡ ᠊ᠢᠢ ᠳᠣᠯᠣᠭᠠ ᠬᠣᠨᠣᠭ ᠪᠦᠷᠢ ᠥᠭᠴᠦ ᠠᠬᠢᠴᠠ, ᠦᠷᠡ ᠳᠤᠩ ᠢ ᠲᠤᠭᠠᠴᠠᠲᠠᠭ᠃ ᠮᠥᠨ ᠲᠠᠪᠤᠨ ᠰᠠᠷᠠ ᠶᠢᠨ ᠡᠬᠢᠨ ᠤ ᠳᠣᠯᠣᠭᠠ ᠬᠣᠨᠣᠭ ᠤᠨ ︽ ᠦᠨᠳᠦᠰᠦᠨ ᠤ
ᠪᠢᠴᠢᠭ ᠦᠰᠦᠭ ᠤᠨ ᠡᠳᠦᠷ ︾ ᠊ᠢᠢᠠᠷ ᠪᠠᠢᠢᠭᠤᠯᠤᠯᠭᠠ ᠶᠢᠨ ᠶᠢᠨ ᠠᠪᠤᠷᠭᠤ ᠨᠤᠭᠤᠳ ᠢ ᠲᠣᠳᠣᠷᠠᠭᠤᠯᠬᠤ ᠪᠠᠷ ᠬᠤᠷᠳᠤᠨ ᠤᠩᠰᠢᠭᠴᠢ, ᠬᠢᠴᠢᠶᠡᠩᠭᠦᠢ ᠪᠢᠴᠢᠭᠲᠠᠨ᠂ ᠬᠠᠮᠤᠭ ᠤᠨ ᠠᠬᠢᠴᠠ ᠲᠠᠢ, ᠬᠠᠮᠤᠭ ᠤᠨ ᠪᠦᠲᠦᠭᠡᠯᠴᠢ ᠪᠠᠭᠰᠢ, ᠠᠵᠢᠯᠲᠠᠨ ᠢ ᠰᠢᠯᠭᠠᠷᠠᠭᠤᠯᠬᠤ ᠡᠴᠡ ᠭᠠᠳᠠᠨᠠ ᠲᠡᠳᠡᠨ ᠤ ᠪᠢᠴᠢᠪᠷᠢ᠂ ᠪᠦᠲᠦᠭᠡᠯ ᠤᠨ ᠦᠵᠡᠰᠬᠦᠯᠡᠩ ᠢ ᠭᠠᠷᠭᠠᠬᠤ, ︽ ᠲᠤᠩᠭᠠᠮᠠᠯ ︾ ᠲᠡᠮᠡᠴᠡᠭᠡᠨ, ︽ ᠦᠨᠳᠦᠰᠦᠨ ᠤ ᠪᠢᠴᠢᠭᠲᠠᠨ ᠬᠠᠮᠲᠤ ᠣᠯᠠᠨ ︾ ᠡᠲᠤᠷᠯᠢᠭ᠌ ᠵᠡᠷᠭᠡ ᠣᠯᠠᠨ ᠦᠢᠯᠡ ᠡᠵᠢᠯᠯᠠᠭᠠ ᠊ᠢᠢ ᠵᠣᠬᠢᠶᠠᠨ ᠪᠠᠶᠢᠭᠤᠯᠵᠤ ᠲᠠᠶᠢᠯᠤᠩᠨᠠᠬᠤ ᠪᠠᠷ ᠲᠦᠯᠤᠪᠯᠠᠭᠠᠳ ᠪᠠᠶᠢᠨᠠ ᠬᠡᠮᠡᠨ ᠲᠣᠰ ᠰᠤᠷᠭᠠᠭᠤᠯᠢ ᠶᠢᠨ ︽ ᠡᠬᠡ ᠬᠡᠯᠡ ᠡᠷᠳᠡᠮ ᠤᠨ ᠲᠦᠯᠬᠢᠭᠦᠷ ︾ ᠮᠡᠷᠭᠡᠵᠢᠯ ᠤᠨ ᠬᠥᠭᠵᠢᠯ ᠤᠨ ᠪᠦᠯᠦᠭ ᠤᠨ ᠪᠠᠭᠰᠢ ᠨᠠᠷ ᠬᠢᠵᠦ ᠬᠡᠷᠡᠭᠵᠢᠭᠦᠯᠦᠭᠰᠡᠨ, ᠴᠢᠨᠠᠭᠰᠢᠳᠠ ᠬᠢᠬᠦ ᠪᠠᠷ ᠲᠥᠯᠥᠪᠯᠡᠭᠰᠡᠨ ᠠᠵᠢᠯ ᠤᠨ ᠶᠢᠨ ᠲᠠᠯᠠ ᠪᠠᠷ ᠮᠡᠳᠡᠭᠡᠯᠡᠯᠡ.





