︽ ᠮᠣᠩᠭᠣᠯ ᠤᠨ ᠰᠠᠶᠢᠬᠠᠨ ᠪᠢᠴᠢᠭᠲᠠᠨ - 2025 ︾ ᠣᠯᠠᠨ ᠤᠯᠤᠰ ᠤᠨ ᠤᠷᠤᠯᠳᠤᠭᠠᠨ ᠤ ᠭᠤᠷᠪᠠᠳᠤᠭᠠᠷ ᠪᠠᠶᠢᠷᠢ ᠶᠢᠨ ᠱᠠᠩᠨᠠᠯ ᠬᠦᠷᠲᠡᠭᠰᠡᠨ, ᠡᠮᠦᠨᠡᠭᠣᠪᠢ ᠠᠶᠢᠮᠠᠭ ᠤᠨ ᠳᠠᠯᠠᠨᠵᠠᠳᠠᠭᠠᠳ
ᠰᠤᠮᠤ ᠶᠢᠨ ᠲᠠᠪᠤᠳᠤᠭᠠᠷ ᠰᠤᠷᠭᠠᠭᠤᠯᠢ ᠶᠢᠨ ᠮᠣᠩᠭᠣᠯ ᠬᠡᠯᠡ,
ᠪᠢᠴᠢᠭ, ᠤᠷᠠᠨ ᠵᠣᠬᠢᠶᠠᠯ ᠤᠨ ᠪᠠᠭᠰᠢ ᠡ᠂ ᠭᠨᠴᠠᠴᠩ ᠲᠠᠢ
ᠶᠠᠷᠢᠯᠴᠭᠨᠰᠠᠨ ᠢ ᠤᠩᠰᠢᠭᠴᠢ ᠲᠠ ᠪᠦᠬᠦᠨ ᠳᠤ ᠬᠦᠷᠭᠡᠶᠡ.
- ᠲᠠ ︽ ᠮᠣᠩᠭᠣᠯ ᠤᠨ ᠰᠠᠶᠢᠬᠠᠨ ᠪᠢᠴᠢᠭᠲᠠᠨ -
2025 ︾ ᠣᠯᠠᠨ ᠤᠯᠤᠰ ᠤᠨ ᠤᠷᠤᠯᠳᠤᠭᠠᠨ ᠳᠤ ᠶᠠᠮᠠᠷ ᠪᠦᠲᠦᠭᠡᠯ ᠊ᠢᠢᠠᠷ ᠤᠷᠤᠯᠴᠠᠪᠠᠢ︖
- ᠵᠢᠯ ᠪᠦᠷᠢ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠳᠠᠭ
ᠡᠨᠡ ᠬᠥ ᠤᠷᠤᠯᠳᠤᠭᠠᠨ ᠳᠤ ᠯᠥ, ᠲᠦᠳᠦᠪ ᠤᠨ ︽ ᠣᠷᠣᠢ ᠦᠭᠡᠢ
ᠰᠦᠮᠠ ︾ ᠷᠣᠮᠠᠨ ᠤ ᠠᠭᠤᠯᠭᠠ, ᠦᠵᠡᠯ ᠰᠠᠨᠠᠭᠠ ᠊ᠢᠢ
ᠲᠤᠰᠭᠭᠨᠰᠠᠨ ᠡᠬᠡ ᠊ᠢᠢ ᠬᠤᠯᠤᠰᠤᠨ ᠦᠵᠦᠭ ᠊ᠢᠢᠠᠷ ᠪᠢᠴᠢᠵᠦ
ᠣᠷᠣᠯᠴᠠᠭᠰᠠᠨ. ᠪᠦᠲᠦᠭᠡᠯ ᠊ᠢᠢᠠᠷ ᠶᠢᠨ ᠭᠤᠷᠪᠠᠳᠤᠭᠠᠷ ᠪᠠᠶᠢᠷᠢ ᠡᠵᠡᠯᠡᠭᠰᠡᠨ ᠳᠤ ᠪᠠᠨ ᠶᠡᠬᠡ ᠪᠠᠶᠠᠷ ᠲᠠᠢ ᠪᠠᠶᠢᠨᠠ᠃
- ᠡᠨᠡ ᠤᠷᠤᠯᠳᠤᠭᠠᠨ ᠳᠤ ᠠᠩᠬᠠ
ᠤᠷᠤᠯᠴᠠᠬᠤ ᠪᠣᠯᠤᠭᠰᠠᠨ ᠰᠢᠯᠲᠠᠭᠠᠨ,,,
- ᠮᠠᠨ ᠤ ᠠᠶᠢᠮᠠᠭ ᠤᠨ ᠪᠣᠯᠪᠠᠰᠤᠷᠠᠯ ᠤᠨ ᠭᠠᠵᠠᠷ ᠤᠨ
ᠮᠣᠩᠭᠣᠯ ᠬᠡᠯᠡᠨ ᠤ ᠮᠡᠷᠭᠡᠵᠢᠯᠲᠡᠨ ᠣᠢ, ᠮᠦᠩᠭᠠᠪᠠᠯᠵᠤᠷ
ᠪᠠᠭᠰᠢ ᠡᠴᠡ ᠪᠠᠨ ᠤᠷᠠᠨ ᠪᠢᠴᠢᠯᠭᠡ ᠪᠠᠷ ᠪᠢᠴᠢᠬᠦ ᠊ᠢᠢ ᠰᠣᠷᠣᠭᠰᠠᠨ. ᠪᠠᠭᠰᠢ ᠮᠠᠨᠢ ᠬᠤᠯᠤᠰᠤᠨ ᠦᠵᠦᠭ ᠊ᠢᠢᠠᠷ ᠤᠷᠠᠨ ᠪᠢᠴᠢᠳᠡᠭ ᠪᠥᠭᠡᠳ ︽ ᠮᠣᠩᠭᠣᠯ ᠤᠨ ᠰᠠᠶᠢᠬᠠᠨ ᠪᠢᠴᠢᠭᠲᠠᠨ ︾ ᠤᠷᠤᠯᠳᠤᠭᠠᠨ ᠳᠤ
ᠲᠣᠭᠲᠠᠮᠠᠯ ᠠᠮᠵᠢᠯᠲᠠ ᠲᠠᠢ ᠣᠷᠣᠯᠴᠠᠵᠤ ᠢᠷᠡᠭᠰᠡᠨ᠃ ᠲᠡᠭᠦᠨ ᠤ ᠬᠢᠴᠢᠶᠡᠯ ᠵᠢᠳᠬᠦᠯ, ᠴᠢᠳᠠᠪᠤᠷᠢ ᠊ᠢᠢ ᠳᠠᠭᠠᠨ, ᠬᠤᠯᠤᠰᠤᠨ ᠦᠵᠦᠭ ᠊ᠢᠢᠠᠷ ᠪᠢᠴᠢᠵᠦ ᠡᠬᠢᠯᠡᠭᠰᠡᠨ ᠡᠴᠡ ᠬᠣᠶᠢᠰᠢ ᠡᠨᠡ ᠬᠥ ᠤᠷᠤᠯᠳᠤᠭᠠᠨ ᠳᠤ ᠤᠷᠤᠯᠴᠠᠬᠤ ᠪᠣᠯᠤᠭᠰᠠᠨ. ᠡᠨᠡ ᠤᠷᠤᠯᠳᠤᠭᠠᠨ ᠢ ᠡᠬᠡ ᠬᠡᠯᠡ, ᠪᠢᠴᠢᠭ ᠶᠢᠨ ᠳᠡᠭᠡᠳᠦᠯᠡᠨ ᠲᠠᠯᠭᠠᠷᠠᠬᠯᠲᠩ ᠤᠷᠠᠨ ᠪᠢᠲᠤᠭᠠᠯᠴᠢᠳ ᠤᠨ ᠪᠦᠲᠦᠭᠡᠯ ᠢ ᠣᠯᠠᠨ ᠨᠡᠶᠢᠲᠡ ᠳᠤ ᠲᠦᠭᠡᠭᠡᠬᠦ ᠰᠠᠶᠢᠬᠠᠨ ᠪᠣᠯᠤᠮᠵᠢ ᠬᠡᠮᠡᠨ ᠪᠣᠳᠣᠳᠠᠭ.
- ᠤᠷᠤᠯᠳᠤᠭᠠᠨ ᠡᠴᠡ ᠲᠠᠨ ᠤ ᠠᠩᠬᠠᠷᠤᠯ ᠢ ᠬᠠᠮᠤᠭ ᠤᠨ ᠶᠡᠬᠡ ᠲᠠᠲᠠᠭᠰᠠᠨ ᠵᠦᠢᠯ ᠶᠠᠭᠤ
ᠪᠠᠶᠢᠭᠰᠠᠨ ᠪᠤᠢ?
- ᠣᠶᠤᠲᠠᠨ ᠪᠠᠶᠢᠬᠤ ᠳᠤ ᠪᠠᠨ ᠤᠷᠤᠯᠳᠤᠭᠠᠨ ᠳᠤ ᠢᠷᠡᠭᠦᠯᠦᠭᠰᠡᠨ ᠪᠦᠲᠦᠭᠡᠯ ᠤᠳ ᠤᠨ ᠦᠵᠡᠰᠬᠦᠯᠡᠩ ᠢ ᠦᠵᠡᠵᠦ ᠪᠠᠶᠢᠯᠠ. ᠲᠡᠷᠡ ᠦᠶᠡ ᠡᠴᠡ ᠡᠬᠢᠯᠡᠨ ᠥᠪᠡᠷ ᠶᠢᠨ ᠪᠦᠲᠦᠭᠡᠯ ᠬᠢᠵᠦ ᠤᠷᠤᠯᠴᠠᠬᠤ ᠬᠦᠰᠡᠯ ᠲᠦᠷᠦᠭᠰᠡᠨ. ᠦᠨᠡᠬᠡᠷ ᠤᠷᠠ ᠴᠢᠳᠠᠪᠤᠷᠢ, ᠰᠡᠳᠬᠢᠯ ᠰᠢᠩᠭᠡᠭᠰᠡᠨ ᠪᠦᠲᠦᠭᠡᠯ ᠤᠳ ᠢ ᠬᠠᠷᠠᠭᠠᠳ ᠶᠡᠬᠡ ᠤᠷᠮᠠ ᠵᠣᠷᠢᠭ ᠠᠪᠤᠭᠰᠠᠨ.
ᠣᠳᠤ ᠴᠤ ᠴᠠᠬᠢᠮ ᠊ᠢᠢᠠᠷ ᠪᠠᠭᠰᠢ, ᠤᠷᠠᠨ
ᠪᠲᠤᠭᠠᠯᠴᠢᠳ᠂ ᠰᠤᠷᠳᠨᠴᠢᠳ ᠤᠨ ᠪᠦᠲᠦᠭᠡᠯ ᠢ
ᠦᠵᠡᠵᠦ, ᠰᠠᠨᠠᠭᠠ ᠠᠪᠳᠠᠭ ᠳ᠋ᠠ᠃
- ︽ ᠣᠷᠣᠢ ᠦᠭᠡᠢ ᠰᠦᠮᠠ ︾ ᠵᠣᠬᠢᠶᠠᠯ ᠢ ᠰᠣᠩᠭᠣᠭᠰᠠᠨ ᠰᠢᠯᠲᠠᠭᠠᠨ ᠲᠡᠨᠢ ᠶᠠᠭᠤ ᠪᠤᠢ?
- ︽ ᠣᠳᠤ ᠮᠥᠨᠳᠥᠷ ︾ ᠰᠢᠨᠵᠢᠯᠡᠬᠦ ᠤᠬᠠᠭᠠᠨ, ᠲᠠᠨᠢᠨ ᠮᠠᠲᠠᠬᠢ ᠶᠢᠨ ᠰᠤᠪᠠᠭ ᠢ ᠰᠣᠨᠣᠰᠴᠤ
ᠪᠠᠶᠢᠬᠤ ᠳᠤ ᠪᠠᠨ ᠯᠥ, ᠲᠦᠳᠦᠪ ᠭᠤᠸᠠᠢ ᠶᠢᠨ
ᠠᠮᠢᠳᠤᠷᠠᠯ, ᠤᠷᠠᠨ ᠪᠦᠲᠦᠭᠡᠯ ᠡᠴᠡ ᠮᠡᠳᠡᠵᠦ
ᠠᠪᠤᠭᠰᠠᠨ. ᠣᠶᠤᠲᠠᠨ ᠪᠠᠶᠢᠬᠤ ᠳᠤ ᠪᠠᠨ ᠤᠭ
ᠷᠣᠮᠠᠨ ᠢ ᠤᠩᠰᠢᠵᠤ ᠪᠠᠶᠢᠭᠰᠠᠨ ᠲᠤᠯᠠ ᠰᠡᠳᠬᠢᠯ ᠳᠤ ᠣᠶᠢᠷᠠ ᠰᠠᠨᠠᠭᠳᠠᠵᠤ, ᠵᠣᠬᠢᠶᠠᠯ ᠤᠨ ᠦᠵᠡᠯ
ᠰᠠᠨᠠᠭᠠ ᠊ᠢᠢ ᠤᠷᠠᠨ ᠪᠢᠴᠢᠯᠭᠡ ᠪᠠᠷ ᠢᠯᠡᠷᠬᠡᠶᠢᠯᠡᠬᠦ ᠪᠠᠷ
ᠰᠢᠢᠲᠤᠭ᠍ᠰᠠᠨ᠃
- ᠡᠨᠡ ᠴᠢᠭᠯᠠᠯ ᠊ᠢᠢᠠᠷ ᠱᠠᠪᠢ ᠪᠡᠯᠡᠳᠬᠡᠬᠦ ᠳᠤ ᠬᠡᠷᠬᠢᠨ ᠠᠩᠬᠠᠷᠴᠤ ᠪᠠᠶᠢᠨᠠ ᠪᠤᠢ?
- ᠰᠠᠶ᠋ᠢᠬᠠᠨ ᠡᠴᠡ ᠰᠤᠷᠭᠠᠭᠤᠯᠢ ᠶᠢᠨ ᠶᠢᠨ ᠮᠣᠩᠭᠣᠯ ᠬᠡᠯᠡ, ᠪᠢᠴᠢᠭ ᠰᠤᠨᠢᠷᠭᠨᠲᠠᠭ
ᠰᠤᠷᠳᠨᠴᠢᠳ ᠤᠨ ᠳᠤᠮᠳᠠ ᠤᠷᠠᠨ ᠪᠢᠴᠢᠯᠭᠡ ᠶᠢᠨ
ᠳᠤᠭᠤᠶᠢᠯᠠᠩ ᠭᠢᠴᠢᠶᠠᠯᠯᠠᠬᠯᠵᠤ ᠡᠬᠢᠯᠡᠭᠰᠡᠨ.
ᠬᠡᠦᠬᠡᠳ ᠤᠳ ᠶᠡᠬᠡ ᠢᠳᠡᠪᠬᠢ ᠲᠠᠢ ᠰᠤᠷᠤᠯᠴᠠᠵᠤ,
ᠬᠠᠮᠤᠷᠤᠭᠳᠠᠬᠤ ᠬᠡᠦᠬᠡᠳ ᠤᠨ ᠲᠣᠭᠠ ᠨᠠᠮᠩᠲᠩᠰᠠᠭᠠᠷ ᠪᠠᠶᠢᠨᠠ᠃ ᠴᠢᠨᠠᠭᠰᠢᠳᠠ ᠱᠠᠪᠢ ᠨᠠᠷ ᠶᠢᠨ ᠰᠠᠶᠢᠨ
ᠪᠡᠯᠡᠳᠬᠡᠵᠦ, ᠳᠠᠷᠠᠭᠠ ᠶᠢᠨ ︽ ᠮᠣᠩᠭᠣᠯ ᠤᠨ
ᠰᠠᠶᠢᠬᠠᠨ ᠪᠢᠴᠢᠭᠲᠠᠨ ︾ ᠤᠷᠤᠯᠳᠤᠭᠠᠨ ᠳᠤ
ᠣᠷᠤᠯᠴᠠᠭᠤᠯᠬᠤ ᠊ᠢᠢ ᠵᠣᠷᠢᠵᠤ ᠪᠠᠶᠢᠭᠠ.
- ᠲᠠᠨ ᠤ ᠬᠤᠪᠢ ᠳᠤ ᠰᠠᠶᠢᠨ ᠮᠣᠩᠭᠣᠯ ᠬᠡᠯᠡ, ᠪᠢᠴᠢᠭ, ᠤᠷᠠᠨ ᠵᠣᠬᠢᠶᠠᠯ ᠤᠨ ᠪᠠᠭᠰᠢ ᠭᠡᠵᠦ ᠬᠡᠨ ᠢ ᠬᠡᠯᠡᠬᠦ ᠪᠤᠢ?
- ᠪᠠᠭᠰᠢ ᠬᠦᠮᠦᠨ ᠦᠭᠡ,
ᠦᠢᠯᠡᠳᠦᠯ ᠊ᠢᠢᠠᠷ ᠶᠢᠨ ᠱᠠᠪᠢ ᠨᠠᠷ ᠳᠤ ᠪᠠᠨ ᠦᠯᠢᠭᠡᠷ ᠳᠠᠭᠤᠷᠢᠶᠠᠯᠠᠯ ᠦᠵᠡᠭᠦᠯᠬᠦ ᠤᠴᠢᠷᠲᠠᠢ. ᠡᠬᠡ
ᠬᠡᠯᠡ ᠪᠠᠷ ᠶᠢᠨ ᠵᠥᠪ ᠤᠩᠰᠢᠵᠤ, ᠪᠢᠴᠢᠬᠦ
ᠴᠢᠳᠠᠪᠤᠷᠢᠲᠠᠢ, ᠲᠡᠦᠬᠡ ᠰᠤᠶᠤᠯ ᠶᠢᠨ ᠲᠠᠨᠢᠨ ᠮᠡᠳᠡᠬᠦ ᠬᠥᠰᠡᠯᠳᠡᠢ ᠢᠷᠭᠡᠨ ᠢ ᠲᠦᠯᠤᠪᠰᠢᠬᠯᠬ ᠳᠤ
ᠬᠠᠮᠤᠭ ᠤᠨ ᠴᠢᠬᠤᠯᠠ ᠡᠭᠦᠷᠭᠡ ᠲᠠᠢ ᠬᠦᠮᠦᠨ ᠪᠣᠯ ᠪᠠᠭᠰᠢ ᠭᠡᠵᠦ ᠪᠣᠳᠣᠳᠠᠭ ᠳ᠋ᠠ᠃
- ᠶᠠᠭᠠᠬᠢᠭᠠᠳ ᠡᠨᠡ ᠮᠡᠷᠭᠡᠵᠢᠯ ᠢ ᠰᠣᠩᠭᠣᠭᠰᠠᠨ ᠪᠤᠢ? ᠲᠠᠨ ᠳᠤ
ᠨᠥᠯᠦᠭᠡᠯᠡᠭᠰᠡᠨ ᠬᠦᠮᠦᠨ ᠬᠡᠨ ᠪᠤᠢ/
- ᠪᠠᠭᠠ ᠳᠤ ᠪᠠᠨ ᠠᠬᠠ ᠶᠢᠨ ᠶᠢᠨ ᠤᠷᠠᠨ ᠵᠣᠬᠢᠶᠠᠯ ᠤᠨ ᠨᠣᠮ ᠢ ᠣᠷᠣᠢ ᠪᠦᠷᠢ
ᠤᠩᠰᠢᠳᠠᠭ ᠪᠠᠶᠢᠭᠰᠠᠨ ᠠᠨᠤ ᠰᠠᠭᠤᠷᠢ ᠪᠣᠯᠤᠭᠰᠠᠨ ᠪᠠᠶᠢᠬᠤ. ᠬᠠᠷᠢᠨ ᠪᠠᠭᠰᠢ ᠪᠣᠯᠬᠤ
ᠬᠦᠰᠡᠯ ᠢ ᠮᠢᠨᠢ ᠳᠤᠮᠳᠠᠳᠤ ᠠᠩᠭᠢ ᠶᠢᠨ ᠮᠣᠩᠭᠣᠯ ᠬᠡᠯᠡᠨ ᠤ ᠪᠠᠭᠰᠢ ᠪ, ᠰᠢᠨᠡᠰᠠᠷᠠ
ᠪᠠᠭᠰᠢ ᠲᠥᠷᠦᠭᠦᠯᠦᠭᠰᠡᠨ. ᠨᠠᠮᠪᠠᠲᠠᠢ ᠲᠥᠷᠬᠥ, ᠴᠡᠭᠡᠯ ᠬᠣᠭᠣᠯᠠᠢ ᠲᠠᠢ, ᠰᠢᠨᠡ
ᠰᠣᠳᠣᠨ ᠵᠦᠢᠯ ᠵᠢᠭᠠᠳᠠᠭ ᠪᠠᠭᠰᠢ ᠮᠠᠨᠢ ᠦᠷᠭᠦᠯᠵᠢ ᠳᠡᠮᠵᠢᠵᠦ, ᠤᠷᠤᠯᠳᠤᠭᠠᠨ
ᠲᠡᠮᠡᠴᠡᠭᠡᠨ ᠳᠤ ᠳᠠᠭᠠᠭᠤᠯᠵᠤ ᠶᠠᠪᠤᠳᠠᠭ ᠪᠠᠶᠢᠭᠰᠠᠨ᠃ ᠪᠢ ᠪᠠᠭᠰᠢ ᠪᠠᠷ ᠶᠢᠨ
ᠦᠷᠭᠦᠯᠵᠢ ᠪᠠᠬᠠᠷᠬᠠᠵᠤ ᠶᠠᠪᠤᠳᠠᠭ.
- ᠡᠬᠡ ᠬᠡᠯᠡ, ᠦᠨᠳᠦᠰᠦᠨ ᠤ ᠪᠢᠴᠢᠭ ᠬᠦᠮᠦᠨ ᠤ ᠳᠣᠲᠣᠭᠠᠳᠤ
ᠶᠢᠷᠲᠢᠨᠴᠦ ᠳᠤ ᠬᠡᠷᠬᠢᠨ ᠨᠦᠯᠤᠭᠠᠯᠠᠲᠩ ᠪᠤᠢ?
- ᠪᠣᠰᠤᠭᠠ ᠮᠣᠩᠭᠣᠯ ᠪᠢᠴᠢᠭ ᠊ᠢᠢᠠᠷ ᠪᠢᠴᠢᠵᠦ ᠰᠤᠷᠬᠤ ᠠᠨᠤ ᠬᠦᠮᠦᠨ ᠢ
ᠳᠡᠪᠴᠢᠶᠡᠷᠢᠳᠡᠢ, ᠨᠢᠮᠪᠠᠢ, ᠳᠤᠭᠤᠰᠢᠳᠠᠢ ᠪᠣᠯᠭᠠᠳᠠᠭ. ᠤᠷᠠᠨ ᠪᠢᠴᠢᠯᠭᠡ ᠢᠨᠦ
ᠲᠦᠰᠤᠭᠠᠯᠠᠨ ᠪᠣᠳᠣᠬᠤ ᠴᠢᠳᠠᠪᠤᠷᠢ ᠊ᠢᠢ ᠬᠢᠭᠵᠢᠬᠯᠵᠤ᠂ ᠣᠶᠤᠨ ᠰᠠᠨᠠᠭᠠ ᠊ᠢᠢ
ᠪᠠᠶᠠᠵᠢᠭᠤᠯᠵᠤ ᠳᠣᠲᠣᠭᠠᠳᠤ ᠶᠢᠷᠲᠢᠨᠴᠦ ᠊ᠢᠢ ᠮᠥᠨ ᠲᠦᠯᠤᠪᠰᠢᠬᠯᠲᠩ᠃
ᠶᠠᠷᠢᠯᠴᠭᠨᠰᠠᠨ ᠰᠦ᠋᠂ ᠳᠡᠯᠭᠡᠷᠴᠡᠴᠡᠭ




.jpg&w=1600&q=75)
