︽ ᠮᠣᠩᠭᠣᠯ ᠤᠨ ᠰᠠᠶᠢᠬᠠᠨ ᠪᠢᠴᠢᠭᠲᠠᠨ -
2025 ︾ ᠣᠯᠠᠨ ᠤᠯᠤᠰ ᠤᠨ ᠤᠷᠤᠯᠳᠤᠭᠠᠨ ᠤ
︽ ᠮᠡᠷᠭᠡᠵᠢᠯ ᠤᠨ ᠪᠠᠭᠰᠢ ︾ ᠶᠢᠨ ᠠᠩᠭᠢᠯᠠᠯ ᠳᠤ
ᠲᠡᠷᠢᠭᠦᠨ ᠪᠠᠶᠢᠷᠢ ᠡᠵᠡᠯᠡᠭᠰᠡᠨ, ᠠᠷᠤᠬᠠᠩᠭᠠᠢ
ᠠᠶᠢᠮᠠᠭ ᠤᠨ ᠡᠷᠲᠢᠨᠢᠪᠯᠠᠭᠠᠨ ᠰᠤᠮᠤ ᠶᠢᠨ ᠶᠠ᠂ ᠪ, ᠳᠥᠷᠪᠡᠳᠦᠭᠡᠷ ᠰᠤᠷᠭᠠᠭᠤᠯᠢ ᠶᠢᠨ ᠮᠦ, ᠭᠠ᠂ ᠪᠢ᠂ ᠤ, ᠵᠣᠬᠢᠶᠠᠯ ᠤᠨ ᠪᠠᠭᠰᠢ ᠪᠠ᠂ ᠴᠡᠷᠢᠩᠳᠡᠵᠢᠳ ᠲᠠᠢ ᠶᠠᠷᠢᠯᠴᠠᠯᠠ.
- ︽ ᠮᠣᠩᠭᠣᠯ ᠤᠨ ᠰᠠᠶᠢᠬᠠᠨ ᠪᠢᠴᠢᠭᠲᠠᠨ - 2025 ︾ ᠣᠯᠠᠨ ᠤᠯᠤᠰ ᠤᠨ ᠤᠷᠤᠯᠳᠤᠭᠠᠨ ᠳᠤ ᠲᠡᠷᠢᠭᠦᠨ
ᠪᠠᠶᠢᠷᠢ ᠡᠵᠡᠯᠡᠭᠰᠡᠨ ᠳᠤ ᠪᠠᠶᠠᠷ ᠬᠦᠷᠭᠡᠶᠡ.
ᠰᠡᠳᠬᠢᠭᠳᠡᠯ ᠶᠢᠨ ᠬᠤᠪᠢᠶᠠᠯᠴᠠᠨᠠ ᠤᠤ?
- ᠪᠠᠶᠠᠷᠯᠠᠯᠠ. ᠡᠨᠡ ᠬᠥ ᠨᠡᠷᠡ ᠬᠥᠨᠳᠥᠳᠡᠢ
ᠤᠷᠤᠯᠳᠤᠭᠠᠨ ᠳᠤ ᠲᠦᠷᠦᠭᠦᠯᠡᠭᠰᠡᠨ ᠳᠤ ᠪᠠᠨ ᠪᠠᠶᠠᠷ ᠲᠠᠢ ᠪᠠᠶᠢᠨᠠ᠃ ᠮᠣᠩᠭᠣᠯ ᠪᠢᠴᠢᠭ ᠪᠣᠯ ᠪᠢᠳᠡᠨ ᠤ ᠲᠤᠰᠠᠭᠠᠷ ᠲᠣᠭᠲᠠᠨᠢᠯ, ᠦᠨᠳᠦᠰᠦᠨ ᠤ ᠳᠠᠷᠬᠠᠯᠠᠭᠠ,
ᠬᠡᠶᠢᠮᠣᠷᠢ ᠰᠦᠯᠳᠡ ᠶᠢᠨ ᠢᠯᠡᠷᠬᠡᠶᠢᠯᠡᠯ. ᠮᠡᠷᠭᠡᠵᠢᠯ ᠤᠨ ᠪᠠᠭᠰᠢ ᠶᠢᠨ ᠬᠤᠪᠢ ᠳᠣ᠋, ᠡᠨᠡ ᠤᠷᠤᠯᠳᠤᠭᠠᠨ ᠳᠤ
ᠠᠮᠵᠢᠯᠲᠠ ᠭᠠᠷᠭᠠᠬᠤ ᠠᠨᠤ ᠮᠢᠨᠦ ᠣᠯᠠᠨ ᠵᠢᠯ ᠤᠨ
ᠮᠥᠷᠥᠭᠡᠳᠦᠯ ᠪᠠᠶᠢᠭᠰᠠᠨ᠃ ᠮᠣᠩᠭᠣᠯ ᠤᠯᠤᠰ ᠤᠨ
ᠶᠡᠷᠦᠩᠬᠡᠶᠢᠯᠡᠭᠴᠢ ᠡᠴᠡ ᠱᠠᠩᠨᠠᠯ ᠶᠢᠨ ᠭᠠᠷᠲᠠᠵᠤ ᠠᠪᠤᠭᠰᠠᠨ ᠮᠥᠴᠡ ᠮᠢᠨᠦ ᠠᠮᠢᠳᠤᠷᠠᠯ ᠤᠨ ᠬᠠᠮᠤᠭ ᠤᠨ ᠪᠠᠭᠨᠷᠭᠨᠯᠲᠠᠢ ᠳᠤᠷᠠᠰᠤᠮᠵᠢ ᠶᠢᠨ ᠨᠢᠭᠡ ᠪᠣᠯᠤᠯᠠ.
- ᠲᠠ ᠡᠮᠦᠨᠡ ᠢᠨᠦ ᠡᠨᠡ ᠬᠥ ᠤᠷᠤᠯᠳᠤᠭᠠᠨ ᠳᠤ ᠶᠠᠮᠠᠷ ᠠᠮᠵᠢᠯᠲᠠ ᠭᠠᠷᠭᠠᠵᠤ ᠪᠠᠶᠢᠭᠰᠠᠨ ᠪᠤᠢ?
- 2023 ᠣᠨ ᠤ ᠤᠷᠤᠯᠳᠤᠭᠠᠨ ᠳᠤ ᠱᠠᠩᠨᠠᠯᠲᠤ ᠪᠠᠶᠢᠷᠢ ᠡᠵᠠᠯᠠᠵᠤ ᠪᠠᠶᠢᠭᠰᠠᠨ᠃ ᠡᠨᠡ ᠤᠳᠠᠭᠠ ᠯᠥ, ᠲᠦᠳᠦᠪ ᠤᠨ ︽ ᠣᠷᠣᠢ ᠦᠭᠡᠢ ᠰᠦᠮᠠ ︾ ᠷᠣᠮᠠᠨ ᠤ ᠦᠵᠡᠯ
ᠰᠠᠨᠠᠭᠠᠨ ᠳᠤ ᠲᠤᠯᠭᠠᠭᠤᠷᠢᠯᠠᠨ ᠡᠬᠡ ᠵᠣᠬᠢᠶᠠᠨ ᠪᠢᠴᠢᠭᠰᠡᠨ. ᠪᠦᠲᠦᠭᠡᠯ ᠳᠤ ᠪᠠᠨ᠂ ᠡᠬᠡ
ᠣᠷᠣᠨ ᠊ᠢᠢᠠᠷ ᠶᠢᠨ ᠪᠠᠬᠠᠷᠬᠠᠬᠤ ᠦᠵᠡᠯ, ᠡᠪᠦᠭᠡ ᠳᠡᠭᠡᠳᠦᠰ ᠤᠨ ᠲᠤᠭᠤᠯᠤᠭᠰᠠᠨ
ᠲᠡᠦᠬᠡ ᠊ᠢᠢ ᠳᠠᠪᠲᠠᠬᠤ ᠦᠭᠡᠢ ᠪᠠᠶᠢᠬᠤ ᠤᠬᠠᠭᠠᠨ, ᠡᠷᠳᠡᠮ ᠮᠡᠳᠡᠯᠭᠡ ᠪᠣᠯᠤᠨ ᠬᠦᠮᠦᠨ
ᠴᠢᠨᠠᠷ ᠤᠨ ᠦᠨᠡ ᠴᠡᠨᠡ ᠊ᠢᠢ ᠣᠨᠴᠠᠯᠠᠬᠤ ᠊ᠢᠢ ᠬᠢᠴᠢᠶᠡᠭᠰᠡᠨ.
- ᠮᠣᠩᠭᠣᠯ ᠪᠢᠴᠢᠭ ᠬᠡᠦᠬᠡᠳ, ᠵᠠᠯᠠᠭᠤᠰ ᠤᠨ ᠰᠡᠳᠬᠢᠯᠭᠡ, ᠬᠦᠮᠦᠵᠢᠯ ᠳᠤ ᠬᠡᠷᠬᠢᠨ ᠨᠦᠯᠤᠭᠠᠯᠠᠵᠤ ᠪᠠᠶᠢᠨᠠ ᠪᠤᠢ?
- ᠮᠣᠩᠭᠣᠯ ᠪᠢᠴᠢᠭ ᠤᠨ ᠦᠭᠡ ᠪᠦᠷᠢ ᠢᠨᠦ ᠮᠣᠩᠭᠣᠯ ᠠᠬᠤᠢ, ᠰᠡᠳᠬᠢᠯᠭᠡ ᠲᠠᠢ
ᠬᠣᠯᠪᠤᠭᠠ ᠲᠠᠢ ᠪᠠᠶᠢᠭᠰᠠᠨ᠃ ᠨᠢᠭᠡ ᠦᠭᠡ ᠊ᠢᠢ ᠪᠢᠴᠢᠬᠦ ᠳᠤ ᠴᠤ ᠤᠳᠬᠠ, ᠭᠠᠷᠤᠯ, ᠭᠠᠷᠩᠯᠠᠭᠠᠠ ᠊ᠢᠢ ᠢᠯᠭᠠᠨ ᠪᠢᠴᠢᠳᠡᠭ ᠣᠨᠴᠠᠯᠢᠭ ᠲᠠᠢ᠃ ᠡᠨᠡ ᠢᠨᠦ ᠬᠡᠦᠬᠡᠳ ᠳᠤ ᠬᠡᠯᠡᠨ ᠤ ᠮᠡᠳᠡᠷᠡᠮᠵᠢ ᠡᠴᠡ ᠭᠠᠳᠠᠨᠠ ᠦᠨᠳᠦᠰᠦᠨ ᠤ ᠤᠬᠠᠮᠰᠠᠷ ᠰᠠᠭᠤᠯᠭᠠᠲᠠᠭ᠃ ᠪᠠᠭᠠ
ᠠᠩᠭᠢ ᠳᠤ ᠪᠠᠨ ᠰᠠᠭᠤᠷᠢ ᠪᠠᠨ ᠰᠠᠶᠢᠨ ᠲᠠᠯᠪᠢᠭᠰᠠᠨ ᠬᠡᠦᠬᠡᠳ ᠠᠬᠠᠯᠠᠬᠤ ᠠᠩᠭᠢ ᠳᠤ ᠪᠠᠨ ᠴᠤ ᠲᠤᠷᠠᠲᠠᠶᠠ ᠤᠩᠰᠢᠵᠤ ᠪᠢᠴᠢᠭᠰᠠᠭᠠᠷ ᠪᠠᠶᠢᠳᠠᠭ. ᠱᠠᠪᠢ ᠨᠠᠷ ᠮᠠᠨᠢ ᠮᠣᠩᠭᠣᠯ
ᠪᠢᠴᠢᠭ ᠊ᠢᠢᠠᠷ ᠶᠢᠨ ᠪᠠᠬᠠᠷᠬᠠᠵᠤ, ᠵᠠᠷᠢᠮ ᠠᠨᠤ ᠴᠡᠷᠢᠭ ᠤᠨ ᠠᠯᠪᠠᠨ ᠳᠤ ᠣᠴᠢᠭᠠᠳ ᠴᠤ ᠤᠷᠤᠯᠳᠤᠭᠠᠨ ᠳᠤ ᠠᠮᠵᠢᠯᠲᠠ ᠭᠠᠷᠭᠠᠵᠤ ᠪᠠᠶᠢᠨᠠ᠃ ᠥᠭᠡᠷᠡ ᠮᠡᠷᠭᠡᠵᠢᠯ ᠡᠵᠠᠮᠰᠢᠵᠤ ᠪᠤᠢ ᠲᠠᠬᠰᠤᠭ᠍ᠴᠢᠳ ᠮᠠᠨᠢ ᠬᠦᠷᠲᠡᠯᠡ ᠯᠧᠺᠼᠢ, ᠲᠠᠮᠲᠩᠯᠠᠯ ᠶᠢᠨ ᠮᠣᠩᠭᠣᠯ ᠪᠢᠴᠢᠭ ᠊ᠢᠢᠠᠷ
ᠬᠢᠲᠤᠯᠲᠩ ᠲᠤᠬᠠᠢ ᠪᠠᠨ ᠬᠡᠯᠡᠬᠦ ᠳᠣ᠋, ᠪᠠᠭᠰᠢ ᠬᠦᠮᠦᠨ ᠤ ᠬᠤᠪᠢ ᠳᠤ ᠬᠠᠮᠤᠭ ᠤᠨ ᠲᠣᠮᠣ ᠤᠷᠮᠠ ᠪᠣᠯᠳᠠᠭ.
- ᠲᠠ ᠤᠷᠠᠨ ᠪᠢᠴᠢᠯᠭᠡ ᠶᠢᠨ ᠰᠤᠷᠭᠠᠯᠲᠠ ᠶᠢᠨ ᠲᠥᠪ ᠠᠵᠢᠯᠯᠠᠭᠤᠯᠲᠠᠭ᠃ ᠡᠨᠡ ᠠᠵᠢᠯ ᠤᠨ ᠣᠨᠴᠠᠯᠢᠭ ᠶᠠᠭᠤ ᠪᠤᠢ?
- ᠪᠢ ᠠᠶᠢᠮᠠᠭ ᠳᠤ ᠪᠠᠨ ︽ ᠲᠢ᠋ᠢᠭᠨᠷ ᠲᠠᠲᠠᠯᠠᠪᠷᠢ ︾ ᠰᠤᠷᠭᠠᠯᠲᠠ ᠶᠢᠨ ᠲᠥᠪ ᠢ ᠠᠵᠢᠯᠯᠠᠭᠤᠯᠵᠤ, ᠦᠨᠳᠦᠰᠦᠨ ᠤ ᠪᠢᠴᠢᠭ, ᠤᠷᠠᠨ ᠪᠢᠴᠢᠯᠭᠡ ᠵᠢᠭᠠᠵᠤ ᠪᠠᠶᠢᠨᠠ᠃ ᠤᠷᠠᠨ ᠪᠢᠴᠢᠯᠭᠡ ᠢᠨᠦ ᠲᠡᠪᠴᠢᠶᠡᠷᠢ, ᠲᠦᠪᠯᠠᠷᠠᠯ᠂
ᠬᠠᠷᠢᠭᠤᠴᠠᠯᠭᠠ ᠊ᠢᠢ ᠱᠠᠭᠠᠷᠲᠠᠲᠠᠭ᠃ ᠨᠢᠭᠡ ᠵᠢᠷᠤᠯᠭᠠ ᠠᠯᠲᠠᠪᠠᠯ
ᠪᠦᠲᠦᠭᠡᠯ ᠶᠢᠨ ᠳᠠᠬᠢᠨ ᠡᠬᠢᠯᠡᠳᠡᠭ ᠲᠤᠯᠠ ᠬᠡᠦᠬᠡᠳ ᠳᠤᠭᠤᠰᠢᠳᠠᠢ, ᠨᠢᠭᠲᠠ ᠨᠢᠮᠪᠠᠢ ᠪᠣᠯᠳᠠᠭ. ᠡᠨᠡ ᠳᠠᠳᠤᠯ ᠠᠨᠤ ᠪᠤᠰᠤᠳ ᠬᠢᠴᠢᠶᠡᠯ ᠳᠤ ᠴᠤ
ᠡᠶᠠᠷᠬ ᠪᠠᠷ ᠨᠦᠯᠤᠭᠠᠯᠠᠲᠩ᠃ ᠮᠢᠨᠦ ᠪᠠᠭᠰᠢ ᠪᠣᠯ ᠤᠷᠠᠨ ᠪᠢᠴᠢᠯᠭᠡ ᠶᠢᠨ
ᠮᠠᠰᠲ᠋ᠸᠷ ᠲᠠ᠂ ᠭᠨᠪᠠᠭᠠᠲᠤᠷ ᠠᠭᠰᠠᠨ. ᠲᠡᠭᠦᠨ ᠤ ᠱᠠᠪᠢ ᠪᠣᠯᠤᠭᠰᠠᠨ ᠊ᠢᠢᠠᠷ ᠶᠢᠨ ᠪᠠᠬᠠᠷᠬᠠᠳᠠᠭ. ᠥᠨᠥᠳᠥᠷ ᠭᠠᠳᠠᠭᠠᠳᠤ ᠳᠤ ᠠᠮᠢᠳᠤᠷᠠᠵᠤ ᠪᠤᠢ
ᠮᠣᠩᠭᠣᠯᠴᠤᠳ ᠮᠣᠷᠢᠨ ᠬᠤᠭᠤᠷ, ᠴᠢᠩᠭᠢᠰ ᠬᠠᠭᠠᠨ, ᠲᠥᠷᠦ ᠶᠢᠨ
ᠳᠠᠯᠪᠠᠭᠠ, ᠮᠣᠩᠭᠣᠯ ᠪᠢᠴᠢᠭ ᠶᠢᠨ ᠬᠦᠨᠳᠦᠳᠬᠡᠨ ᠪᠢᠴᠢᠬᠯᠲᠩ ᠪᠣᠯᠤᠭᠰᠠᠨ ᠠᠨᠤ ᠦᠨᠳᠦᠰᠦᠨ ᠤ ᠰᠤᠶᠤᠯ ᠤᠨ ᠦᠨᠡ ᠴᠡᠨᠡ ᠊ᠢᠢ ᠢᠯᠤ᠋ᠨᠭᠠᠨᠠ᠃
ᠳᠤᠷᠠᠲᠠᠢ ᠵᠦᠢᠯ ᠶᠢᠨ ᠬᠢᠵᠦ, ᠣᠷᠤᠯᠭᠠ ᠪᠠᠨ ᠨᠡᠮᠡᠬᠦ ᠪᠣᠯᠤᠮᠵᠢ
ᠪᠦᠷᠢᠳᠦᠭᠰᠡᠨ ᠳᠤ ᠲᠠᠯᠠᠷᠭᠨᠵᠤ ᠶᠠᠪᠤᠳᠠᠭ ᠳ᠋ᠠ᠃
- ᠤᠷᠠᠨ ᠪᠢᠴᠢᠯᠭᠡ ᠪᠠᠷ ᠪᠢᠴᠢᠬᠦ ᠦᠶᠡ ᠳᠤ ᠲᠠᠨ ᠳᠤ ᠶᠠᠮᠠᠷ
ᠮᠡᠳᠡᠷᠡᠮᠵᠢ ᠲᠥᠷᠦᠳᠡᠭ ᠪᠤᠢ?
- ᠪᠢᠰᠢᠯᠭᠠᠵᠤ ᠪᠤᠢ ᠮᠡᠲᠦ ᠲᠦᠪᠯᠠᠷᠠᠯ ᠪᠤᠢ ᠪᠣᠯᠤᠨᠠ. ᠠᠵᠢᠯ ᠤᠨ
ᠳᠠᠷᠠᠭᠠ ᠶᠠᠳᠠᠷᠠᠭᠰᠠᠨ ᠪᠠᠶᠢᠭᠰᠠᠨ ᠴᠤ ᠬᠣᠶᠠᠷ ᠡᠴᠡ ᠭᠤᠷᠪᠠᠨ ᠴᠠᠭ ᠲᠦᠪᠯᠠᠷᠠᠵᠤ ᠪᠢᠴᠢᠭᠰᠡᠨ ᠤ ᠳᠠᠷᠠᠭᠠ ᠰᠡᠳᠬᠢᠯ, ᠪᠡᠶᠡ ᠠᠯᠢ ᠠᠯᠢ ᠠᠨᠤ
ᠠᠮᠠᠷᠠᠭᠰᠠᠨ ᠮᠡᠲᠦ ᠪᠣᠯᠳᠠᠭ. ᠳᠠᠪᠬᠤᠷ ᠪᠣᠳᠣᠯ ᠦᠭᠡᠢ᠂ ᠵᠥᠪᠬᠡᠨ
ᠪᠢᠴᠢᠭ ᠳᠤ ᠪᠠᠨ ᠠᠩᠬᠠᠷᠬᠤ ᠲᠡᠷᠡ ᠮᠥᠴᠡ ᠲᠢ᠋ᠢᠪᠰᠢᠷᠠᠭᠤᠯᠲᠠᠭ .
- ᠮᠣᠩᠭᠣᠯ ᠪᠢᠴᠢᠭ ᠢ ᠰᠤᠷᠬᠤ ᠳᠤ ᠪᠠᠨ ᠬᠡᠦᠬᠡᠳ ᠶᠡᠬᠡᠪᠴᠢᠯᠡᠨ ᠶᠠᠭᠤᠨ ᠳᠡᠭᠡᠷᠡ ᠠᠯᠳᠠᠭᠠ ᠭᠠᠷᠭᠠᠳᠠᠭ ᠪᠤᠢ?
- ᠡᠬᠢᠨ ᠤ ᠬᠢᠴᠢᠶᠡᠯ ᠤᠳ ᠳᠤ ᠦᠰᠦᠭ ᠶᠢᠨ ᠰᠠᠶᠢᠨ ᠲᠣᠭᠲᠠᠭᠠᠬᠤ ᠠᠨᠤ ᠬᠠᠮᠤᠭ ᠤᠨ ᠴᠢᠬᠤᠯᠠ. ᠰᠠᠭᠤᠷᠢ ᠲᠤᠲᠠᠪᠠᠯ ᠰᠣᠨᠢᠷᠬᠠᠯ ᠪᠠᠭᠤᠷᠠᠲᠠᠭ᠃
ᠬᠠᠷᠢᠨ ᠵᠥᠪ ᠠᠷᠭᠠ ᠪᠠᠷᠢᠯ ᠊ᠢᠢᠠᠷ, ᠪᠠᠭᠠ ᠬᠤᠭᠤᠴᠠᠭᠠᠨ ᠳᠤ ᠰᠤᠷᠬᠤ
ᠪᠣᠯᠤᠮᠵᠢᠲᠠᠢ. ᠮᠢᠨᠦ ᠬᠤᠪᠢ ᠳᠤ 16 ᠬᠢᠴᠢᠶᠡᠯ ᠊ᠢᠢᠠᠷ ᠤᠩᠰᠢᠵᠤ, ᠪᠢᠴᠢᠵᠦ ᠰᠤᠷᠭᠠᠬᠤ ᠬᠥᠲᠥᠯᠪᠦᠷᠢ ᠪᠯᠪᠠᠰᠤᠷᠠᠭᠤᠯᠳ ᠲᠠᠩᠬᠢᠮ ᠊ᠢᠢᠠᠷ ᠪᠣᠯᠤᠨ ᠴᠠᠬᠢᠮ ᠊ᠢᠢᠠᠷ ᠵᠢᠭᠠᠵᠤ ᠪᠠᠶᠢᠨᠠ᠃
- ᠴᠠᠬᠢᠮ ᠣᠷᠴᠢᠨ ᠮᠣᠩᠭᠣᠯ ᠬᠡᠯᠡ, ᠪᠢᠴᠢᠭ ᠤᠨ ᠬᠤᠪᠢ ᠳᠤ
ᠰᠣᠷᠢᠯᠲᠠ ᠤᠤ, ᠪᠣᠯᠤᠮᠵᠢ ᠤᠤ?
- ᠪᠣᠯᠤᠮᠵᠢ ᠭᠡᠵᠦ ᠬᠡᠯᠡᠨᠡ. ᠮᠣᠩᠭᠣᠯ ᠪᠢᠴᠢᠭ ᠊ᠢᠢᠠᠷ ᠪᠢᠴᠢᠬᠦ ᠴᠠᠬᠢᠮ ᠭᠠᠷᠩᠯᠠᠬᠷ᠂ ᠴᠠᠬᠢᠮ ᠪᠦᠯᠬᠦᠮ ᠤᠳ ᠣᠯᠠᠨ ᠪᠣᠯᠵᠤ ᠪᠠᠶᠢᠨᠠ᠃ ᠵᠠᠯᠠᠭᠤᠰ ᠴᠠᠬᠢᠮ ᠣᠷᠴᠢᠨ ᠳᠤ ᠺᠢᠷᠢᠯ ᠪᠢᠴᠢᠭ ᠶᠢᠨ ᠶᠠᠷᠢᠶᠠᠨ ᠤ ᠬᠡᠯᠡᠯᠭᠡ, ᠯᠠᠲ᠋ᠢᠨ ᠊ᠢᠢᠠᠷ ᠪᠢᠴᠢᠬᠦ ᠬᠠᠨᠲᠤᠯᠭᠠ ᠪᠣᠯ ᠬᠤᠪᠢ ᠬᠦᠮᠦᠨ ᠤ ᠤᠬᠠᠮᠰᠠᠷ ᠤᠨ ᠠᠰᠠᠭᠤᠳᠠᠯ. ᠬᠠᠷᠢᠨ
ᠰᠤᠷᠤᠯᠴᠠᠬᠤ ᠳᠤ ᠪᠣᠯ ᠰᠤᠷᠭᠠᠯᠲᠠ ᠶᠢᠨ ᠣᠷᠴᠢᠨ, ᠪᠣᠯᠤᠮᠵᠢ ᠬᠠᠩᠭᠠᠯᠲᠠᠲᠠᠢ ᠨᠡᠭᠡᠭᠡᠯᠲᠡ ᠲᠠᠢ ᠪᠣᠯᠤᠭᠰᠠᠨ.
- ᠵᠠᠯᠠᠭᠤᠰ ᠶᠠᠭᠤᠨ ᠳᠤ ᠠᠩᠬᠠᠷᠬᠤ ᠶᠣᠰᠣᠲᠠᠢ ᠪᠤᠢ?
- ᠬᠠᠨᠲᠤᠯᠭᠠ ᠬᠠᠮᠤᠭ ᠤᠨ
ᠴᠢᠬᠤᠯᠠ. ᠣᠯᠠᠨ ᠮᠢᠩᠭᠠᠨ ᠵᠢᠯ ᠤᠨ ᠲᠡᠦᠬᠡ ᠪᠠᠨ ᠲᠠᠮᠲᠩᠯᠠᠵᠤ ᠢᠷᠡᠭᠰᠡᠨ ᠡᠨᠡ ᠪᠢᠴᠢᠭ ᠶᠢᠨ ᠬᠦᠮᠦᠨ ᠪᠦᠷᠢ ᠰᠤᠷᠬᠤ ᠶᠣᠰᠣᠲᠠᠢ ᠬᠡᠮᠡᠭᠰᠡᠨ ᠤᠬᠠᠮᠰᠠᠷ ᠢ
ᠥᠪᠡᠷ ᠳᠤ ᠪᠠᠨ ᠰᠠᠭᠤᠯᠭᠠᠬᠤ ᠶᠣᠰᠣᠲᠠᠢ. ᠲᠡᠭᠡᠵᠦ ᠴᠢᠳᠠᠪᠠᠯ ᠺᠢᠷᠢᠯ ᠊ᠢᠢᠠᠷ ᠤᠩᠰᠢᠳᠠᠭ ᠰᠢᠭ᠋ ᠶᠢᠨ ᠯᠠ ᠦᠨᠳᠦᠰᠦᠨ ᠤ ᠪᠠᠨ
ᠪᠢᠴᠢᠭ ᠊ᠢᠢᠠᠷ ᠤᠩᠰᠢᠵᠤ ᠴᠢᠳᠠᠨᠠ. ᠮᠣᠩᠭᠣᠯ ᠪᠢᠴᠢᠭ ᠪᠣᠯ ᠥᠪ ᠰᠤᠶᠤᠯ ᠲᠡᠳᠦᠢ ᠦᠭᠡᠢ ᠬᠦᠮᠦᠨ ᠢ ᠵᠥᠪ ᠵᠠᠮ ᠳᠤ
ᠬᠢᠲᠤᠯᠲᠩ᠂ ᠦᠨᠳᠦᠰᠦᠨ ᠤ ᠦᠨᠡᠲᠦ ᠵᠦᠢᠯ ᠳᠤ ᠲᠤᠯᠭᠠᠭᠤᠷᠢᠯᠠᠲᠠᠭ ᠪᠢᠴᠢᠭ ᠶᠤᠮ᠃
ᠶᠠᠷᠢᠯᠴᠭᠨᠰᠠᠨ᠄
ᠪᠠ᠂ ᠭᠡᠷᠡᠯᠲᠦ - ᠣᠳᠤ





