ᠪᠢᠯᠢᠭ ᠤᠨ ᠲᠣᠭᠠᠯᠠᠯ ᠤᠨ 17 ᠳ᠋ᠤᠭᠠᠷ ᠵᠢᠷᠠᠨ ᠤ ︽ ᠰᠦᠷ ᠊ᠢᠢᠠᠷ ᠳᠠᠷᠤᠭᠴᠢ ︾ ᠬᠡᠮᠡᠬᠦ ᠭᠠᠯ ᠮᠣᠷᠢᠨ ᠵᠢᠯ ᠠᠶᠢᠯᠴᠢᠯᠠᠨ ᠢᠷᠡᠵᠦ ᠪᠠᠶᠢᠨᠠ᠃ ᠮᠣᠩᠭᠣᠯ ᠵᠢᠷᠤᠬᠠᠢ ᠶᠢᠨ ᠤᠬᠠᠭᠠᠨ ᠳᠣ᠋, ᠤᠷᠭᠤᠨ ᠭᠠᠷᠴᠤ ᠪᠤᠢ ᠮᠣᠷᠢ ᠵᠢᠯ, ᠭᠠᠯ ᠮᠭᠭᠪᠳ ᠠᠨᠤ ᠪᠠᠶᠢᠭᠠᠯᠢ ᠳᠡᠯᠡᠬᠡᠢ ᠪᠣᠯᠤᠨ ᠬᠦᠮᠦᠰ ᠤᠨ ᠠᠵᠤ ᠲᠦᠷᠤᠬᠢ ᠳᠤ ᠨᠦᠯᠦᠭᠡᠯᠡᠬᠦ ᠪᠠᠶᠢᠳᠠᠯ, ᠢᠷᠡᠵᠦ ᠪᠤᠢ ᠵᠢᠯ ᠤᠨ ᠥᠩᠭᠡ ᠲᠥᠷᠬᠥ ᠊ᠢᠢ ︽ ᠰᠢᠷᠣᠢ ᠦᠬᠡᠷ ︾ ᠤᠨ ᠵᠢᠷᠤᠯᠭᠠ ᠪᠠᠷ ᠬᠡᠷᠬᠢᠨ ᠲᠣᠳᠣᠷᠬᠠᠶᠢᠯᠠᠵᠤ ᠪᠠᠶᠢᠭᠠ ᠊ᠢᠢ ᠲᠣᠳᠣᠷᠠᠭᠤᠯᠬᠤ ᠪᠠᠷ ᠮᠦ, ᠤ, ᠰᠣ, ᠭᠠ᠂ ᠵᠢᠳᠬᠦᠯᠲᠡᠨ, ᠮᠣᠩᠭᠣᠯ ᠵᠢᠷᠤᠬᠠᠢ ᠶᠢᠨ ︽ ᠲᠦᠪᠲᠨᠫᠠᠯᠵᠢ᠋ᠢᠯᠢᠩ ︾ ᠬᠡᠶᠢᠳ ᠤᠨ ᠲᠡᠷᠢᠭᠦᠨ, ᠬᠠᠩᠪᠤ ᠯᠠᠮᠠ ᠵᠠ᠂ ᠭᠳᠴᠳᠨᠰᠦ᠋ᠷᠳᠭ ᠲᠠᠢ ᠶᠠᠷᠢᠯᠴᠠᠯᠠ.
- ᠵᠢᠷᠤᠬᠠᠢ ᠶᠢᠨ ᠵᠢᠷᠤᠯᠭᠠ ᠳᠤ ︽ ᠰᠦᠷ ᠊ᠢᠢᠠᠷ ᠳᠠᠷᠤᠭᠴᠢ ︾ ᠬᠡᠮᠡᠬᠦ ᠨᠠᠷᠠᠰᠢᠯ ᠶᠠᠮᠠᠷ ᠤᠳᠬᠠ, ᠤᠴᠢᠷᠲᠠᠢ ᠪᠤᠢ? ᠡᠨᠡ ᠢᠨᠦ ᠵᠢᠯ ᠤᠨ ᠥᠩᠭᠡ ᠊ᠢᠢ ᠲᠣᠳᠣᠷᠬᠠᠶᠢᠯᠠᠬᠤ ᠳᠤ ᠡᠭᠦᠷᠭᠡ ᠲᠠᠢ ᠪᠠᠶᠢᠳᠠᠭ ᠤᠤ?
- 12 ᠵᠢᠯ 60 ᠵᠢᠯ ᠤᠨ ᠮᠥᠴᠡᠯᠭᠡ ᠪᠠᠷ ᠲᠠᠪᠲᠭᠨᠲᠠᠲᠠᠭ ᠪᠥᠭᠡᠳ ᠵᠢᠯ ᠪᠦᠷᠢ ᠥᠭᠡᠷᠡ ᠥᠭᠡᠷᠡ ᠨᠡᠷᠡ, ᠥᠩᠭᠡ ᠲᠠᠢ ᠪᠠᠶᠢᠳᠠᠭ. ᠡᠨᠡ ᠵᠢᠯ ᠤᠨ ᠬᠤᠪᠢ ᠳᠣ᠋, ︽ ᠰᠦᠷ ᠊ᠢᠢᠠᠷ ᠳᠠᠷᠤᠭᠴᠢ ︾ ᠬᠡᠮᠡᠬᠦ ᠨᠡᠷᠡ ᠲᠠᠢ᠃ ᠡᠨᠡ ᠢᠨᠦ ᠶᠡᠷᠦᠩᠬᠡᠢ ᠳᠤ ᠪᠠᠨ ᠰᠠᠶᠢᠨ ᠤᠳᠬᠠ ᠲᠠᠢ ᠨᠠᠷᠠᠰᠢᠯ᠃ ᠲᠡᠶᠢᠮᠦ ᠡᠴᠡ ᠨᠠᠷᠠᠰᠢᠯ᠂ ᠵᠢᠷᠤᠯᠭᠠ ᠶᠢᠨ ᠤᠳᠬᠠ ᠠᠭᠤᠯᠭᠠ ᠪᠠᠷ ᠶᠢᠨ ᠪᠣᠯ ᠡᠶᠠᠷᠬ᠂ ᠰᠠᠶᠢᠨ ᠵᠢᠯ ᠭᠡᠵᠦ ᠳ᠋ᠦᠩᠨᠠᠵᠤ ᠪᠣᠯᠤᠨᠠ.
- ︽ ᠭᠠᠯ ᠮᠣᠷᠢ ︾ ᠵᠢᠯ ᠭᠡᠬᠦ ᠪᠡᠷ᠂ ᠬᠦᠮᠦᠰ ᠡᠷᠴᠢ ᠬᠦᠴᠦᠲᠡᠢ, ᠭᠠᠯ ᠴᠣᠭᠲᠠᠢ ᠵᠢᠯ ᠪᠣᠯᠤᠨᠠ ᠬᠡᠮᠡᠨ ᠪᠠᠯᠭᠠᠰᠢᠶᠠᠵᠤ ᠪᠠᠶᠢᠬᠤ ᠰᠢᠭ᠋ ᠪᠠᠶᠢᠨᠠ? ᠡᠨᠡ ᠬᠢᠷᠢ ᠣᠨᠣᠪᠴᠢᠲᠠᠢ ᠳ᠋ᠦᠩᠨᠡᠯᠲᠡ ᠪᠤᠢ?
- ᠭᠠᠷᠬᠤ ᠵᠢᠯ ᠢ ᠵᠥᠪᠬᠡᠨ ᠲᠤᠬᠠᠢ ᠶᠢᠨ ᠵᠢᠯ ᠤᠨ ᠠᠮᠢᠲᠠᠨ ᠊ᠢᠢᠠᠷ ᠳᠦᠩᠨᠡᠬᠦ ᠪᠤᠰᠤ, ᠲᠠᠪᠤᠨ ᠮᠭᠭᠪᠳ᠂ ᠵᠢᠷᠠᠨ ᠵᠢᠯ ᠤᠨ ᠬᠢᠷᠲᠤ ᠪᠠᠷ ᠢᠨᠦ ᠬᠠᠮᠲᠤᠳᠭᠨᠨ ᠰᠢᠨᠵᠢᠲᠩ ᠤᠯᠠᠮᠵᠢᠯᠠᠯᠲᠠᠢ᠃ ᠭᠠᠯ ᠮᠭᠭᠪᠳ ᠪᠣᠯ ᠤᠯᠠᠭᠠᠭᠴᠢᠨ ᠥᠩᠭᠡ ᠪᠠᠷ ᠢᠯᠠᠷᠭᠠᠢᠢᠯᠩᠲᠠᠨᠠ᠃ ᠭᠠᠯ ᠠᠨᠤ ᠭᠡᠷᠡᠯ, ᠡᠷᠴᠢ ᠬᠦᠴᠦ, ᠬᠥᠳᠡᠯᠭᠡᠭᠡᠨ ᠢ ᠪᠠᠯᠭᠠᠲᠠᠲᠩ ᠪᠣᠯᠪᠠᠴᠤ ᠭᠠᠲᠤᠷᠠᠪᠠᠯ ᠰᠢᠲᠠᠮᠠᠬᠠᠢ, ᠤᠮᠤᠭᠤᠯᠭᠭ᠌ ᠰᠢᠨᠵᠢ ᠲᠠᠢ ᠰᠢᠦ ᠳ᠋ᠠ᠃
ᠲᠡᠶᠢᠮᠦ ᠡᠴᠡ ︽ ᠰᠠᠶᠢᠨ ︾᠂ ᠡᠰᠡᠪᠡᠯ ︽ ᠮᠠᠭᠤ ︾ ᠵᠢᠯ ᠭᠡᠵᠦ ᠲᠦᠢᠯᠰᠢᠷᠭᠨᠤ ᠪᠤᠰᠤ, ᠲᠤᠬᠠᠢ ᠶᠢᠨ ᠵᠢᠯ ᠤᠨ ᠮᠭᠭᠪᠳ᠂ ᠤᠯᠠᠷᠢᠯ ᠤᠨ ᠪᠠᠶᠢᠳᠠᠯ, ᠬᠠᠪᠤᠷ ᠤᠨ ᠠᠭᠤᠷ ᠣᠷᠣᠭᠰᠠᠨ ᠡᠳᠦᠷ ᠤᠨ ᠰᠢᠨᠵᠢ ᠪᠠᠷ ᠴᠣᠭᠴᠠ ᠪᠠᠷ ᠠᠨᠤ ᠳ᠋ᠦᠩᠨᠠᠲᠩ᠃ 60 ᠵᠢᠯ ᠤᠨ ᠬᠦᠷᠳᠦᠨ ᠳᠤ ᠮᠣᠷᠢ ᠵᠢᠯ ᠲᠠᠪᠤᠨ ᠥᠭᠡᠷᠡ ᠮᠭᠭᠪᠳ ᠲᠠᠢ ᠪᠠᠷ ᠲᠠᠪᠲᠭᠨᠲᠠᠲᠠᠭ᠃ ᠲᠡᠶᠢᠮᠦ ᠡᠴᠡ ︽ ᠮᠣᠷᠢ ᠵᠢᠯ ᠪᠣᠯᠭᠠᠨ ᠠᠳᠠᠯᠢ ︾ ᠭᠡᠵᠦ ᠣᠶᠢᠯᠠᠭᠠᠵᠤ ᠪᠣᠯᠬᠤ ᠦᠭᠡᠢ᠃
- ᠵᠢᠯ ᠤᠨ ᠥᠩᠭᠡ ᠊ᠢᠢ ᠬᠡᠷᠬᠢᠨ ᠲᠤᠲᠤᠷᠬᠢ᠋ᠢᠯᠠᠲᠠᠭ ᠪᠤᠢ?
- ᠬᠠᠪᠤᠷ ᠤᠨ ᠠᠭᠤᠷ ᠣᠷᠣᠭᠰᠠᠨ ᠡᠳᠦᠷ ᠢ ᠤᠨᠴᠤᠭᠦ᠋ᠢᠯᠠᠨ ᠲᠤᠭᠠᠴᠠᠲᠠᠭ᠃ ᠲᠡᠷᠡ ᠡᠳᠦᠷ ᠤᠨ ᠮᠭᠭᠪᠳ᠂ ᠣᠳᠣᠨ ᠡᠷᠬᠡᠰ ᠤᠨ ᠪᠠᠢᠢᠷᠢᠯᠠᠯ᠂ ᠤᠯᠠᠷᠢᠯ ᠤᠨ ᠰᠤᠯᠢᠯᠴᠠᠭᠠ ᠊ᠢᠢ ᠬᠠᠷᠠᠵᠤ ︽ ᠰᠢᠷᠣᠢ ᠦᠬᠡᠷ ᠤᠨ ᠵᠢᠷᠤᠯᠭᠠ ︾ ᠪᠠᠷ ᠵᠢᠷᠤᠲᠠᠭ ᠤᠯᠠᠮᠵᠢᠯᠠᠯ ᠪᠤᠢ.
ᠦᠬᠡᠷ ᠤᠨ ᠲᠣᠯᠣᠭᠠᠢ, ᠡᠪᠡᠷ, ᠪᠡᠶᠡ ᠶᠢᠨ ᠥᠩᠭᠡ, ᠵᠦᠭ ᠴᠢᠭ ᠪᠦᠷᠢ ᠢᠨᠦ ᠲᠤᠬᠠᠢ ᠶᠢᠨ ᠵᠢᠯ ᠤᠨ ᠴᠠᠭ ᠠᠭᠠᠷ, ᠬᠤᠷᠠ ᠲᠣᠨᠣᠳᠠᠰᠤ, ᠮᠠᠯ ᠠᠵᠤ ᠠᠬᠤᠢ, ᠠᠷᠠᠳ ᠢᠷᠭᠡᠳ ᠤᠨ ᠠᠮᠢᠳᠤᠷᠠᠯ ᠤᠨ ᠥᠩᠭᠡ ᠊ᠢᠢ ᠪᠠᠯᠭᠠᠲᠠᠲᠩ᠃ ᠡᠨᠡ ᠪᠣᠯ ᠮᠤᠬᠤᠷ ᠰᠦᠰᠦᠭ ᠪᠤᠰᠤ, ᠪᠠᠶᠢᠭᠠᠯᠢ ᠳᠡᠯᠡᠬᠡᠢ, ᠣᠳᠣᠨ ᠡᠷᠬᠡᠰ ᠤᠨ
ᠬᠥᠳᠡᠯᠭᠡᠭᠡᠨ ᠢ ᠠᠵᠢᠭᠯᠭᠨᠰᠠᠨ ᠡᠷᠲᠡᠨ ᠤ ᠮᠣᠩᠭᠣᠯ ᠤᠬᠠᠭᠠᠨ ᠶᠤᠮ᠃
- ᠵᠢᠯ ᠤᠨ ᠥᠩᠭᠡ ᠊ᠢᠢ ᠰᠢᠨᠵᠢᠬᠦ ᠢᠨᠦ ᠠᠷᠠᠳ ᠢᠷᠭᠡᠳ ᠳᠤ ᠶᠠᠮᠠᠷ ᠠᠴᠢ ᠬᠤᠯᠪᠨᠲᠠᠯᠲᠠᠢ ᠪᠤᠢ?
- ᠵᠢᠷᠤᠬᠠᠢ ᠶᠢᠨ ᠤᠬᠠᠭᠠᠨ ᠠᠨᠤ, ᠲᠩᠷᠢ ᠣᠭᠲᠠᠷᠭᠤᠢ ᠶᠢᠨ ᠬᠥᠳᠡᠯᠭᠡᠭᠡᠨ ᠢ ᠠᠵᠢᠭᠯᠠᠨ ᠠᠮᠢᠳᠤᠷᠠᠯ ᠠᠬᠤᠢ ᠪᠠᠨ ᠵᠥᠪ ᠵᠣᠬᠢᠴᠠᠭᠤᠯᠬᠤ ᠳᠤ ᠠᠴᠢ ᠲᠤᠰᠠᠲᠠᠢ. ᠬᠦᠮᠦᠰ ︽ ᠤᠯᠠᠷᠢᠯ
ᠴᠠᠭ ᠳᠤ ᠪᠠᠨ ᠭᠠᠷᠴᠤ ᠪᠠᠶᠢᠨᠠ ᠤᠤ, ᠦᠭᠡᠢ ᠤᠤ ︾᠂ ︽ ᠢᠯᠡᠭᠦᠦ ᠰᠠᠷᠠ ᠲᠣᠬᠢᠶᠠᠬᠤ ᠠᠨᠤ ᠶᠠᠮᠠᠷ ᠤᠴᠢᠷᠲᠠᠢ ᠪᠤᠢ ︾᠂ ︽ ᠴᠠᠭᠠᠨ ᠰᠠᠷᠠ ᠪᠠᠨ ᠵᠥᠪ ᠡᠳᠦᠷ ᠶᠤᠰᠤᠯᠠᠵᠤ ᠪᠠᠶᠢᠨᠠ ᠤᠤ ︾ ᠭᠡᠵᠦ ᠶᠡᠬᠡ
ᠠᠰᠠᠭᠤᠳᠠᠭ. ᠡᠨᠡ ᠪᠦᠬᠦᠨ ᠴᠠᠭᠠᠨᠠ ᠪᠠᠨ ᠨᠠᠷᠠ, ᠰᠡᠷᠡ, ᠣᠳᠣᠨ ᠡᠷᠬᠡᠰ ᠤᠨ ᠶᠠᠪᠤᠳᠠᠯ, 27 ᠣᠳᠣᠨ ᠤ ᠪᠠᠢᠢᠷᠢᠯᠠᠯ᠂ ᠲᠩᠷᠢ ᠭᠠᠵᠠᠷ ᠤᠨ ᠮᠭᠭᠪᠳ ᠤᠨ ᠵᠣᠬᠢᠴᠠᠯ ᠡᠴᠡ ᠰᠢᠯᠲᠠᠭᠠᠯᠠᠵᠤ ᠪᠠᠶᠢᠳᠠᠭ.
ᠢᠯᠠᠩᠭᠤᠢᠠ ᠮᠠᠯᠴᠢᠨ ᠬᠦᠮᠦᠨ ᠳᠤ ᠪᠣᠯ ᠡᠨᠡ ᠪᠦᠬᠦᠨ ᠣᠨᠴᠣᠭᠣᠢ ᠠᠴᠢ ᠬᠤᠯᠪᠨᠲᠠᠯᠲᠠᠢ᠃ ᠵᠢᠯ ᠬᠤᠷᠠ ᠲᠠᠢ ᠪᠠᠶᠢᠬᠤ ᠤᠤ, ᠭᠠᠩ ᠲᠠᠢ ᠪᠠᠶᠢᠬᠤ ᠤᠤ ᠭᠡᠳᠡᠭ ᠢ ᠤᠷᠢᠳᠴᠢᠯᠠᠨ ᠮᠠᠲᠠᠪᠠᠯ᠂ ᠡᠪᠡᠰᠦ ᠲᠡᠵᠢᠭᠡᠯ ᠶᠢᠨ ᠪᠠᠵᠠᠭᠠᠬᠤ, ᠨᠡᠭᠦᠳᠡᠯ ᠰᠠᠭᠤᠳᠠᠯ ᠶᠢᠨ ᠲᠣᠪᠯᠠᠬᠤ ᠠᠵᠢᠯ ᠶᠢᠨ ᠤᠯᠠᠷᠢᠯ ᠳᠤ ᠪᠠᠨ ᠨᠢ᠋ᠢᠴᠠᠬᠯᠲᠩ᠃ ᠲᠡᠶᠢᠮᠦ ᠡᠴᠡ ᠵᠢᠯ ᠤᠨ ᠥᠩᠭᠡ ᠊ᠢᠢ ᠰᠢᠨᠵᠢᠨᠠ ᠭᠡᠳᠡᠭ ᠢᠨᠦ ᠠᠶᠢᠯ ᠡᠷᠦᠬᠡ, ᠠᠷᠠᠳ ᠣᠯᠠᠨ ᠢ
ᠠᠶᠤᠯᠭᠠᠬᠤ ᠪᠤᠰᠤ, ᠬᠠᠷᠢᠨ ᠪᠣᠯᠵᠣᠰᠢ ᠦᠭᠡᠢ ᠡᠷᠦᠰᠳᠡᠯ ᠡᠴᠡ ᠰᠡᠷᠡᠮᠵᠢᠯᠡᠭᠦᠯᠬᠦ, ᠪᠤᠶᠠᠨ ᠬᠡᠰᠢᠭ ᠶᠢᠨ ᠠᠷᠪᠢᠵᠢᠭᠤᠯᠬᠤ, ᠠᠮᠢᠳᠤᠷᠠᠯ ᠠᠬᠤᠢ ᠪᠠᠨ ᠵᠢᠮᠠ ᠶᠣᠰᠣᠨ ᠳᠤ ᠨᠡᠶᠢᠴᠡᠭᠦᠯᠬᠦ ᠳᠤ ᠴᠢᠭᠯᠩᠰᠠᠨ ᠤᠬᠠᠭᠠᠨ ᠶᠤᠮ᠃
- ᠬᠠᠪᠤᠷ ᠤᠨ ᠠᠭᠤᠷ ᠤᠷᠤᠬᠤ ᠡᠳᠦᠷ ᠊ᠢᠢᠠᠷ ᠵᠢᠯ ᠤᠨ ᠥᠩᠭᠡ ᠊ᠢᠢ ᠴᠤ ᠮᠥᠨ ᠰᠢᠨᠵᠢᠲᠩ ᠲᠤᠬᠠᠢ ᠳᠡᠯᠭᠡᠷᠡᠭᠦᠯᠵᠦ ᠥᠭᠭᠦᠨᠡ ᠤᠤ?
- ᠵᠢᠷᠤᠬᠠᠢ ᠶᠢᠨ ᠶᠣᠰᠣᠨ ᠳᠣ᠋, ︽ ᠬᠠᠪᠤᠷ ᠤᠨ ᠠᠭᠤᠷ ᠤᠷᠤᠬᠤ ᠡᠳᠦᠷ ︾ ᠭᠡᠳᠡᠭ ᠢᠨᠦ ᠲᠤᠬᠠᠢ ᠶᠢᠨ ᠵᠢᠯ ᠤᠨ ᠥᠩᠭᠡ ᠊ᠢᠢ ᠰᠢᠨᠵᠢᠬᠦ ᠤᠨᠴᠤᠭᠠᠢ ᠴᠢᠬᠤᠯᠠ ᠮᠥᠴᠡ ᠳᠤ ᠲᠤᠭᠠᠴᠭᠨᠲᠠᠲᠠᠭ᠃ ᠡᠨᠡ ᠢᠨᠦ ᠵᠦᠭᠡᠷ ᠨᠢᠭᠡ ᠤᠯᠠᠷᠢᠯ ᠰᠣᠯᠢᠭᠳᠠᠬᠤ ᠭᠱᠠᠨ ᠪᠤᠰᠤ, ᠭᠠᠵᠠᠷ ᠳᠡᠯᠡᠬᠡᠢ ᠠᠮᠢᠰᠬᠤᠯ ᠠᠪᠴᠤ, ᠡᠪᠦᠯ ᠤᠨ ᠬᠦᠢᠲᠡᠨ ᠬᠤᠮᠢᠭᠲᠠᠨ᠂ ᠠᠮᠢᠳᠤ ᠪᠠᠶᠢᠭᠠᠯᠢ ᠶᠢᠨ ᠬᠡᠢ ᠬᠥᠳᠡᠯᠵᠦ ᠡᠬᠢᠯᠡᠬᠦ ᠴᠠᠭ ᠮᠥᠴᠡ ᠶᠤᠮ᠃
︽ ᠠᠭᠤᠷ ︾ ᠬᠡᠮᠡᠬᠦ ᠢᠨᠦ ᠭᠠᠵᠠᠷ ᠰᠢᠷᠣᠢ ᠡᠴᠡ ᠳᠡᠭᠡᠭᠰᠢ ᠣᠷᠬᠢᠯᠠᠬᠤ ᠠᠮᠢᠰᠬᠤᠯ, ᠠᠮᠢᠳᠤᠷᠠᠯ ᠤᠨ ᠬᠡᠢ, ᠳᠤᠯᠠᠭᠠᠨ ᠡᠨᠧᠷᠭᠢ ᠊ᠢᠢ ᠪᠠᠯᠭᠠᠲᠠᠨᠠ᠃ ᠡᠪᠦᠯ ᠭᠠᠵᠠᠷ ᠳᠡᠯᠡᠬᠡᠢ ︽ ᠬᠥᠯᠳᠡᠭᠦᠦ, ᠨᠠᠮ ᠭᠦᠮ ︾ ᠪᠠᠶᠢᠳᠠᠯ ᠳᠤ ᠣᠷᠣᠰᠢᠳᠠᠭ ᠪᠣᠯ ᠬᠠᠪᠤᠷ ᠤᠨ ᠠᠭᠤᠷ ᠤᠷᠤᠬᠤ ᠮᠥᠴᠡ ᠡᠴᠡ ᠡᠬᠢᠯᠡᠨ ᠮᠥᠰᠦᠨ ᠪᠦᠷᠬᠦᠭᠦᠯ ᠰᠤᠯᠠᠷᠠᠵᠤ᠂ ᠬᠥᠷᠦᠰᠦ ᠭᠠᠰᠴᠤ᠂ ᠤᠷᠭᠤᠮᠠᠯ ᠤᠨ ᠦᠨᠳᠦᠰᠦ ᠠᠮᠢᠯᠠᠵᠤ᠂ ᠮᠠᠯ ᠠᠮᠢᠲᠠᠨ ᠤ ᠬᠥᠳᠡᠯᠭᠡᠭᠡᠨ ᠰᠡᠷᠭᠦᠨ, ᠬᠦᠮᠦᠨ ᠤ ᠪᠡᠶᠡ ᠶᠢᠨ ᠬᠡᠢ ᠴᠤ ᠮᠥᠨ ᠳᠠᠭᠠᠵᠤ ᠬᠢᠲᠠᠯᠲᠩ ᠭᠡᠵᠦ ᠦᠵᠡᠳᠡᠭ. ᠡᠶᠢᠮᠦ ᠤᠴᠢᠷ ᠡᠴᠡ ᠡᠨᠡ ᠡᠳᠦᠷ ᠢ ᠵᠢᠯ ᠤᠨ ᠴᠢᠨᠠᠭᠰᠢᠳᠠ ᠶᠢᠨ ᠥᠩᠭᠡ ᠊ᠢᠢ ᠰᠢᠨᠵᠢᠬᠦ ᠲᠩᠷᠢ, ᠭᠠᠵᠠᠷ ᠤᠨ ᠠᠭᠤᠯᠵᠠᠪᠷᠢ ᠴᠠᠭ ᠬᠡᠮᠡᠨ ᠦᠵᠡᠳᠡᠭ. ᠬᠠᠪᠤᠷ ᠤᠨ ᠠᠭᠤᠷ ᠤᠷᠤᠬᠤ ᠦᠶᠡ, ᠰᠢᠨᠵᠢ ᠊ᠢᠢ ︽ ᠰᠢᠷᠣᠢ ᠦᠬᠡᠷ ︾ ᠤᠨ ᠲᠦᠷᠢ ᠪᠠᠶᠢᠳᠠᠯ ᠲᠠᠢ ᠲᠤᠯᠭᠠᠨ ᠪᠠᠲᠤᠳᠭᠨᠲᠠᠭ᠃ ᠵᠢᠱᠢᠶᠡᠯᠡᠪᠡᠯ, ᠦᠬᠡᠷ ᠠᠮᠠ ᠪᠠᠨ ᠠᠩᠭᠠᠶᠢᠭᠰᠠᠨ ᠪᠠᠶᠢᠪᠠᠯ ᠬᠠᠪᠤᠷ ᠤᠨ ᠰᠠᠯᠬᠢ ᠰᠢᠷᠦᠭᠦᠰᠬᠦ, ᠰᠡᠭᠦᠯ ᠶᠢᠨ ᠵᠡᠭᠦᠨ ᠲᠠᠶᠢᠰᠢ ᠰᠢᠷᠪᠠᠭᠰᠠᠨ ᠪᠠᠶᠢᠳᠠᠯ ᠠᠨᠤ ᠵᠡᠭᠦᠨ ᠵᠦᠭ ᠤᠨ ᠬᠡᠢ ᠬᠥᠳᠡᠯᠭᠡᠭᠡᠨ ᠶᠡᠬᠡ, ᠤᠯᠠᠭᠠᠨ ᠲᠣᠯᠣᠭᠠᠢ ᠲᠠᠢ ᠪᠣᠯ ᠭᠠᠯ ᠮᠭᠭᠪᠳ ᠬᠠᠪᠤᠷ ᠡᠷᠲᠡ ᠬᠦᠴᠦ ᠪᠠᠨ ᠠᠪᠬᠤ ᠭᠡᠬᠦ ᠮᠡᠲᠦ. ᠢᠢᠨ ᠬᠥ ᠲᠦᠷᠢ ᠪᠡᠯᠭᠡᠳᠡᠯ ᠬᠢᠭᠡᠳ ᠪᠣᠳᠠᠲᠤ ᠠᠵᠢᠭᠯᠠᠯᠲᠠ ᠊ᠢᠢ ᠨᠡᠶᠢᠯᠡᠭᠦᠯᠦᠨ ᠵᠢᠯ ᠤᠨ ᠶᠡᠷᠦᠩᠬᠡᠢ ᠥᠩᠭᠡ ᠊ᠢᠢ ᠲᠤᠲᠤᠷᠬᠢ᠋ᠢᠯᠠᠲᠠᠭ᠃
- ︽ ᠰᠢᠷᠣᠢ ᠦᠬᠡᠷ ︾ ᠤᠨ ᠳᠦᠷᠰᠦᠯᠡᠯ ᠳᠤ ᠦᠬᠡᠷ ᠤᠨ ᠥᠩᠭᠡ, ᠣᠮᠣᠷᠤᠤ, ᠡᠪᠡᠷ, ᠰᠡᠭᠦᠯ ᠢᠨᠦ ᠶᠠᠮᠠᠷ ᠪᠠᠶᠢᠭᠠ ᠪᠤᠢ? ᠡᠭᠦᠨ ᠡᠴᠡ ᠬᠠᠷᠠᠬᠤ ᠳᠣ᠋, ᠲᠥᠷᠦ ᠵᠠᠰᠠᠭ ᠪᠣᠯᠤᠨ ᠠᠷᠠᠳ ᠢᠷᠭᠡᠳ ᠤᠨ ᠠᠵᠤ ᠠᠮᠢᠳᠤᠷᠠᠯ ᠶᠠᠮᠠᠷ ᠪᠠᠶᠢᠬᠤ ᠲᠥᠯᠥᠪᠲᠡᠢ ᠪᠠᠶᠢᠨᠠ?
- ︽ ᠰᠢᠷᠣᠢ ᠦᠬᠡᠷ ︾ ᠤᠨ ᠪᠠᠶᠢᠳᠠᠯ ᠢ ᠲᠦᠷᠰᠤᠯᠠᠪᠠᠯ᠂ ᠦᠬᠡᠷ ᠢᠨᠦ= ᠤᠯᠠᠭᠠᠨ
ᠲᠣᠯᠣᠭᠠᠢ ᠲᠠᠢ, ᠬᠥᠬᠡ ᠬᠣᠳᠣᠭᠣᠳᠣ ᠲᠠᠢ, ᠡᠪᠡᠷ, ᠴᠢᠬᠢ, ᠰᠡᠭᠦᠯ ᠢᠨᠦ ᠰᠢᠷᠠ, ᠳᠥᠷᠪᠡᠨ ᠰᠢᠬᠢᠷ ᠠ ᠢᠨᠦ ᠴᠠᠭᠠᠨ, ᠰᠢᠷᠠ ᠣᠮᠣᠷᠤᠤ ᠲᠠᠢ, ᠤᠯᠠᠭᠠᠨ ᠵᠢᠰᠦᠮ ᠤᠨ ᠦᠬᠡᠷ ᠠᠮᠠ ᠪᠠᠨ ᠠᠩᠭᠠᠶᠢᠵᠤ, ᠰᠡᠭᠦᠯ ᠶᠢᠨ ᠵᠡᠭᠦᠨ ᠲᠠᠶᠢᠰᠢ ᠰᠢᠷᠪᠠᠭᠰᠠᠨ ᠪᠠᠶᠢᠳᠠᠯ ᠲᠠᠢ ᠪᠠᠶᠢᠨᠠ᠃
ᠦᠬᠡᠷ ᠬᠠᠷᠢᠭᠤᠯᠤᠭᠠᠴᠢ ᠠᠨᠤ= ᠴᠠᠭᠠᠨ ᠴᠢᠷᠠᠢ ᠲᠠᠢ, ᠤᠯᠠᠭᠠᠨ ᠳᠡᠪᠡᠯ ᠲᠠᠢ, ᠬᠥᠬᠡ ᠪᠥᠰᠡ ᠪᠢᠰᠠᠯᠩᠰᠠᠨ᠂ ᠭᠡᠵᠢᠭᠡ ᠪᠠᠨ ᠬᠣᠶᠠᠷ ᠬᠤᠪᠢᠶᠠᠵᠤ ᠲᠣᠯᠣᠭᠠᠢ ᠶᠢᠨ ᠶᠢᠨ ᠪᠠᠷᠠᠭᠤᠨ ᠵᠡᠭᠦᠨ ᠲᠠᠯᠠ ᠳᠤ
ᠤᠪᠭᠤᠯᠠᠵᠤ ᠪᠭᠳᠨᠰᠠᠨ᠂ ᠬᠣᠶᠠᠷ ᠭᠤᠲᠤᠯ ᠶᠢᠨ ᠲᠠᠶᠢᠯᠵᠤ ᠳᠡᠷᠭᠡᠳᠡ ᠪᠠᠨ ᠲᠠᠯᠪᠢᠭᠰᠠᠨ, ᠢᠳᠡᠷ
ᠵᠠᠯᠠᠭᠤ ᠬᠦᠮᠦᠨ ᠦᠬᠡᠷ ᠤᠨ ᠶᠢᠨ ᠡᠮᠦᠨᠡ ᠲᠠᠶᠢᠪᠤᠩ ᠠᠯᠬᠤᠵᠤ ᠶᠠᠪᠤᠨᠠ.
︽ ᠰᠢᠷᠣᠢ ᠦᠬᠡᠷ ︾ ᠪᠣᠯᠤᠨ ᠬᠠᠷᠢᠭᠤᠯᠤᠭᠠᠴᠢ ᠬᠣᠶᠠᠷ ᠤᠨ ᠰᠢᠨᠵᠢ ᠪᠠᠷ ᠵᠢᠯ ᠤᠨ ᠶᠡᠷᠦᠩᠬᠡᠢ ᠪᠠᠶᠢᠳᠠᠯ ᠢ ᠳ᠋ᠦᠩᠨᠠᠪᠠᠯ᠄ ᠬᠦᠮᠦᠨ ᠤ ᠦᠷᠡ ᠤᠳᠤᠮ ᠲᠠᠯᠭᠠᠷᠠᠨ᠂ ᠮᠠᠯ ᠰᠦᠷᠦᠭ ᠣᠯᠠᠰᠢᠷᠠᠬᠤ ᠪᠣᠯᠪᠠᠴᠤ ᠬᠦᠮᠦᠨ ᠳᠤ ᠰᠢᠷᠦᠭᠦᠨ, ᠮᠠᠯ ᠳᠤ ᠵᠥᠭᠡᠯᠡᠨ. ᠴᠠᠭ ᠠᠭᠤᠷ ᠤᠨ ᠬᠤᠪᠢ ᠳᠣ᠋, ᠭᠠᠯ ᠤᠨ ᠠᠶᠤᠯ, ᠭᠠᠩ ᠭᠠᠴᠢᠭ, ᠬᠠᠭᠤᠷᠢ᠋ᠢᠰᠢᠯᠲᠠ᠂ ᠠᠶᠤᠩᠭᠠ ᠴᠠᠬᠢᠯᠭᠠᠨ ᠶᠡᠬᠡ, ᠬᠠᠯᠠᠭᠤᠨ, ᠬᠦᠢᠲᠡᠨ ᠡᠪᠡᠳᠴᠢᠨ ᠲᠠᠪᠠᠮᠠᠭᠢ᠋ᠢᠯᠠᠨᠠ᠃ ᠬᠦᠮᠦᠰ ᠤᠨ ᠠᠮᠢᠳᠤᠷᠠᠯ ᠠᠬᠤᠢ ᠬᠢᠲᠠᠯᠠᠭᠠᠭᠠᠨ ᠶᠡᠬᠡ ᠲᠠᠢ, ᠬᠦᠴᠢᠷ.
ᠡᠶᠢᠮᠦ ᠵᠢᠯ ᠳᠤ ᠭᠠᠯ ᠤᠰᠤᠨ ᠤ ᠠᠶᠤᠯ ᠡᠴᠡ ᠰᠡᠷᠭᠡᠶᠢᠯᠡᠬᠦ, ᠪᠠᠶᠢᠭᠠᠯᠢ ᠳᠡᠯᠡᠬᠡᠢ ᠊ᠢᠢ ᠬᠠᠶᠢᠷᠠᠯᠠᠨ ᠬᠠᠮᠠᠭᠠᠯᠠᠬᠤ, ᠡᠪ ᠨᠢᠭᠡᠳᠦᠯ, ᠤᠬᠠᠭᠠᠨ ᠲᠡᠪᠴᠢᠶᠡᠷᠢ ᠊ᠢᠢ ᠡᠷᠬᠢᠮᠯᠡᠬᠦ, ᠡᠪᠡᠳᠴᠢᠨ ᠡᠮᠭᠡᠭ ᠡᠴᠡ ᠤᠷᠢᠳᠴᠢᠯᠠᠨ ᠰᠡᠷᠭᠡᠶᠢᠯᠡᠬᠦ, ᠬᠡᠲᠦ ᠶᠠᠭᠠᠷᠠᠤ ᠰᠢᠢᠳᠪᠦᠷᠢ ᠡᠴᠡ ᠵᠠᠢᠢᠯᠠᠰᠬᠢᠬᠥ ᠢᠨᠦ ᠵᠣᠬᠢᠰᠲᠠᠢ ᠬᠡᠮᠡᠨ ᠵᠢᠷᠤᠬᠠᠢ ᠶᠢᠨ ᠰᠤᠳᠤᠷ ᠳᠤ ᠦᠬᠯᠠᠲᠩ᠃
︽ ᠰᠢᠷᠣᠢ ᠦᠬᠡᠷ ︾ ᠤᠨ ᠶᠡᠷᠦᠩᠬᠡᠢ ᠰᠢᠨᠵᠢ ᠢᠨᠦ ᠤᠯᠤᠰ ᠣᠷᠣᠨ ᠶᠡᠷᠦᠩᠬᠡᠢ ᠳᠤ ᠪᠠᠨ ᠭᠠᠢ ᠦᠭᠡᠢ᠃ ᠬᠠᠪᠤᠷ ᠤᠨ ᠭᠤᠷᠪᠠᠨ ᠰᠠᠷᠠ ᠪᠣᠯᠤᠨ ᠵᠤᠨ ᠤ ᠲᠡᠷᠢᠭᠦᠨ ᠰᠠᠷᠠ ᠳᠤ ᠪᠠᠨ ᠪᠠᠭᠠ ᠵᠡᠷᠭᠡ ᠶᠢᠨ ᠭᠠᠩ ᠲᠠᠢ, ᠵᠢᠯ ᠤᠨ ᠡᠬᠢᠨ ᠳᠤ ᠪᠠᠨ ᠬᠦᠴᠦᠲᠡᠢ ᠠᠭᠠᠳᠠᠷ ᠮᠥᠨᠳᠥᠷ ᠤᠷᠤᠬᠤ ᠴᠤ ᠡᠪᠡᠰᠦ ᠤᠷᠭᠤᠮᠠᠯ ᠨᠣᠭᠣᠭᠠ ᠰᠠᠶᠢᠨ, ᠵᠢᠯ ᠤᠨ ᠳᠤᠮᠳᠠᠭᠤᠷ ᠪᠠᠭᠠ ᠵᠡᠷᠭᠡ ᠭᠨᠭᠲᠠᠭᠤ ᠪᠣᠯᠪᠠᠴᠤ ᠵᠢᠯ ᠤᠨ ᠰᠡᠭᠦᠯ ᠊ᠢᠢᠠᠷ ᠬᠤᠷᠠ, ᠮᠥᠨᠳᠥᠷ ᠪᠠᠭᠤᠬᠤ ᠲᠥᠯᠥᠪᠲᠡᠢ ᠪᠠᠶᠢᠨᠠ᠃ ᠮᠥᠨ ᠬᠠᠯᠠᠭᠤᠨ ᠡᠪᠡᠳᠴᠢᠨ ᠭᠠᠷᠬᠤ ᠶᠢᠨ ᠨᠢᠭᠤᠷᠲᠠᠢ.
ᠮᠠᠯ ᠰᠦᠷᠦᠭ ᠳᠤ ᠰᠠᠶᠢᠨ ᠪᠣᠯᠪᠠᠴᠤ ᠶᠡᠷᠦᠩᠬᠡᠢ ᠳᠤ ᠪᠠᠨ ᠪᠠᠭᠠ ᠵᠡᠷᠭᠡ ᠭᠢᠮᠤᠷᠠᠯᠲᠠᠢ᠃
ᠢᠳᠡᠷ ᠵᠠᠯᠠᠭᠤᠰ ᠳᠤ ᠠᠮᠤᠭᠤᠯᠠᠩ ᠲᠠᠢ, ᠨᠢᠯᠬᠠᠰ ᠳᠤ ᠳᠤᠮᠳᠠᠳᠤ ᠵᠡᠷᠭᠡ, ᠬᠥᠭᠰᠢᠳ
ᠪᠡᠶᠡ ᠪᠠᠨ ᠠᠩᠭᠨᠷᠤᠭᠤᠰᠢᠲᠠᠢ᠃
- ᠳ᠋ᠠ, ᠮᠣᠩᠭᠣᠯᠴᠤᠳ ᠮᠠᠨᠢ ᠵᠢᠯ ᠤᠨ ᠵᠠᠰᠠᠯ ᠶᠢᠨ ᠬᠢᠯᠭᠡᠬᠦ ᠢᠨᠦ ᠶᠠᠭᠠᠬᠢᠭᠠᠳ ᠴᠢᠬᠤᠯᠠ ᠊ᠢᠢ ᠲᠣᠪᠴᠢᠬᠠᠨ ᠲᠠᠶᠢᠯᠪᠤᠷᠢᠯᠠᠵᠤ ᠥᠭᠭᠦᠨᠡ ᠤᠤ?
- ᠬᠦᠮᠦᠨ ᠭᠡᠳᠡᠭ ᠪᠣᠯ ᠶᠡᠬᠡᠪᠴᠢᠯᠡᠨ ᠡᠪᠡᠳᠬᠦ ᠪᠠᠷ ᠢᠢᠨᠨ᠂ ᠵᠣᠪᠠᠯᠠᠩ ᠲᠤᠯᠭᠠᠷᠠᠬᠤ ᠪᠠᠷ ᠶᠢᠨ ᠯᠠᠮᠠ ᠳᠤ ᠬᠠᠨᠳᠤᠳᠠᠭ. ᠭᠡᠲᠡᠯᠡ ᠵᠠᠰᠠᠯ ᠭᠡᠳᠡᠭ ᠪᠣᠯ ᠠᠶᠤᠲᠠᠰᠤ ᠳᠦᠷᠦᠭᠦᠯᠬᠦ ᠬᠡᠷᠡᠭᠰᠡᠯ ᠪᠢᠰᠢ, ᠤᠭᠨᠭᠠᠷᠠᠭᠤᠯᠭᠠ ᠶᠤᠮ᠃ ᠤᠯᠠᠮᠵᠢᠯᠠᠯᠲᠤ ᠵᠠᠩ ᠵᠠᠩᠰᠢᠯ ᠶᠢᠨ ᠰᠠᠬᠢᠵᠤ, ᠪᠤᠶᠠᠨ ᠨᠣᠮ ᠶᠢᠨ ᠠᠷᠪᠢᠵᠢᠭᠤᠯᠬᠤ ᠳᠤ ᠴᠢᠭᠯᠩᠰᠠᠨ ᠵᠥᠪᠯᠡᠮᠵᠢ ᠶᠤᠮ᠃ ᠳᠠᠭᠠᠬᠤ ᠡᠰᠡᠬᠦ ᠢᠨᠦ ᠬᠤᠪᠢ ᠬᠦᠮᠦᠨ ᠤ ᠡᠷᠬᠡ ᠯᠠ ᠳ᠋ᠠ᠃ ᠬᠠᠷᠢᠨ ᠪᠢᠳᠡ ᠤᠯᠠᠮᠵᠢᠯᠠᠯᠲᠤ
ᠶᠣᠰᠣ ᠊ᠢᠢ ᠲᠠᠶᠢᠯᠪᠤᠷᠢᠯᠠᠵᠤ, ᠨᠣᠮ ᠤᠨ ᠦᠨᠳᠦᠰᠦ ᠲᠠᠢ ᠵᠥᠪᠯᠡᠵᠦ ᠥᠭᠬᠦ ᠡᠭᠦᠷᠭᠡ ᠲᠠᠢ᠃
- ᠮᠣᠩᠭᠣᠯ ᠤᠯᠤᠰ ᠤᠨ ᠶᠡᠷᠦᠩᠬᠡᠶᠢᠯᠡᠭᠴᠢ ᠰᠠᠶ᠋ᠢᠬᠠᠨ ᠮᠣᠩᠭᠣᠯ ᠤᠨ ᠤᠯᠠᠮᠵᠢᠯᠠᠯᠲᠤ ᠠᠨᠠᠭᠠᠬᠤ
ᠤᠬᠠᠭᠠᠨ ᠢ ᠳᠡᠮᠵᠢᠭᠰᠡᠨ ᠵᠠᠷᠯᠢᠭ ᠭᠠᠷᠭᠠᠯᠠ ᠰᠢᠦ ᠳ᠋ᠠ᠃ ᠡᠭᠦᠨ ᠤ ᠲᠠᠯᠠ ᠪᠠᠷ ᠰᠠᠨᠠᠯ ᠶᠢᠨ ᠬᠤᠪᠢᠶᠠᠯᠴᠠᠪᠠᠯ᠂᠂᠂
- ᠡᠨᠡ ᠪᠣᠯ ᠵᠥᠪᠬᠡᠨ ᠱᠠᠰᠢᠨ ᠪᠤᠰᠤ, ᠬᠦᠮᠦᠨ ᠤ ᠡᠷᠡᠭᠦᠯ ᠮᠡᠨᠳᠦ ᠊ᠢᠢ ᠳᠡᠮᠵᠢᠬᠦ ᠪᠣᠳᠤᠯᠭᠠ ᠮᠥᠨ.
ᠡᠷᠡᠭᠦᠯ ᠮᠡᠨᠳᠦ ᠶᠢᠨ ᠲᠤᠬᠠᠢ ᠳᠣ᠋, ᠬᠡᠦᠬᠡᠳ ᠪᠠᠭᠠ ᠡᠴᠡ ᠪᠠᠨ ᠯᠠ ᠵᠥᠪ ᠳᠠᠳᠤᠯ ᠬᠡᠪᠰᠢᠯ ᠡᠵᠡᠮᠰᠢᠬᠦ ᠬᠡᠷᠡᠭᠲᠡᠢ. ᠤᠯᠠᠮᠵᠢᠯᠠᠯᠲᠤ ᠡᠮᠨᠡᠯᠭᠡ, ᠱᠠᠪᠢ ᠰᠤᠷᠭᠠᠯᠲᠠ ᠶᠢᠨ ᠰᠢᠰᠲ᠋ᠧᠮ ᠢᠨᠦ ᠪᠠᠭᠠ ᠡᠴᠡ
ᠬᠦᠮᠦᠵᠢᠯ ᠤᠨ ᠰᠠᠭᠤᠷᠢ, ᠵᠥᠪ ᠰᠡᠳᠬᠢᠯᠭᠡ ᠊ᠢᠢ ᠲᠦᠯᠤᠪᠰᠢᠬᠯᠬ ᠳᠤ ᠴᠢᠭᠯᠠᠲᠩ ᠪᠥᠭᠡᠳ ᠡᠨᠡ ᠢᠨᠦ ᠬᠦᠮᠦᠨ ᠪᠦᠷᠢ, ᠲᠥᠷᠦ ᠶᠢᠨ ᠪᠠᠢᠢᠭᠤᠯᠤᠯᠭᠠ ᠨᠤᠭᠤᠳ, ᠡᠷᠬᠡ ᠮᠡᠳᠡᠯᠲᠡᠨ ᠨᠤᠬᠳ ᠤᠨ ᠠᠩᠬᠠᠷᠬᠤ ᠶᠣᠰᠣᠲᠠᠢ ᠠᠰᠠᠭᠤᠳᠠᠯ ᠶᠤᠮ᠃
ᠥᠨᠥ ᠦᠶᠡ ᠳᠤ ᠬᠡᠦᠬᠡᠳ ᠪᠠᠭᠠ ᠡᠴᠡ ᠪᠠᠨ ᠵᠥᠪ ᠬᠢᠮᠤᠵᠢᠬ᠂ ᠡᠷᠡᠭᠦᠯ ᠪᠠᠶᠢᠬᠤ, ᠵᠥᠪ ᠳᠠᠳᠤᠯ ᠡᠵᠡᠮᠰᠢᠬᠦ ᠠᠰᠠᠭᠤᠳᠠᠯ ᠢᠯᠡᠭᠦᠦ ᠴᠢᠬᠤᠯᠠ ᠪᠣᠯᠵᠠᠢ. ᠤᠯᠠᠮᠵᠢᠯᠠᠯᠲᠤ ᠶᠣᠰᠣᠨ ᠳᠣ᠋, ᠬᠡᠦᠬᠡᠳ ᠢ 15 ᠨᠠᠰᠤ ᠬᠦᠷᠬᠦ ᠬᠦᠷᠲᠡᠯᠡ ᠢᠨᠦ ᠬᠠᠮᠠᠭᠠᠯᠠᠵᠤ, ᠵᠠᠷᠢᠮ ᠦᠢᠯᠡ ᠊ᠢᠢ ᠴᠠᠭᠠᠷᠯᠠᠬᠯᠲᠩ ᠪᠠᠶᠢᠭᠰᠠᠨ᠃
ᠲᠤᠬᠠᠶᠢᠯᠠᠪᠠᠯ, ᠬᠡᠦᠬᠡᠳ ᠤᠨ ᠲᠣᠭᠯᠠᠭᠠᠮ, ᠪᠡᠶᠡ ᠶᠢᠨ ᠬᠥᠳᠡᠯᠭᠡᠭᠡᠨ, ᠬᠣᠭᠣᠯᠠ ᠬᠦᠨᠡᠰᠦ
ᠵᠡᠷᠭᠡ ᠳᠤ ᠶᠡᠬᠡ ᠠᠩᠭᠨᠷᠲᠠᠭ ᠪᠠᠶᠢᠭᠰᠠᠨ᠃
ᠭᠡᠲᠡᠯᠡ ᠥᠨᠥᠳᠥᠷ, ᠵᠠᠷᠢᠮ ᠪᠤᠷᠤᠭᠤ ᠵᠢᠱᠢᠭ ᠲᠣᠭᠲᠠᠭᠰᠠᠨ ᠰᠢᠭ᠋᠃ ᠬᠡᠦᠬᠡᠳ ᠤᠨ ᠲᠦᠷᠦᠭᠰᠡᠨ
ᠡᠳᠦᠷ ᠢ ᠲᠠᠮᠲᠩᠯᠠᠬ ᠳᠤ ᠪᠠᠨ ᠪᠠᠭᠠ ᠡᠴᠡ ᠠᠨᠤ ᠡᠬᠢᠯᠡᠭᠡᠳ ᠯᠠ ᠳᠡᠩᠳᠡᠭᠦᠦ ᠥᠷᠭᠡᠨ, ᠬᠡᠦᠬᠡᠳ ᠳᠤ
ᠲᠣᠬᠢᠷᠠᠮᠵᠢ ᠦᠭᠡᠢ ᠣᠷᠴᠢᠨ ᠪᠦᠷᠢᠳᠦᠭᠦᠯᠵᠦ ᠲᠠᠮᠲᠩᠯᠠᠭᠠᠳ ᠪᠠᠶᠢᠨᠠ ᠤᠤ ᠳ᠋ᠠ ᠭᠡᠵᠦ ᠪᠣᠳᠣᠭᠳᠠᠬᠤ ᠶᠤᠮ᠃ ᠪᠠᠭᠠ ᠨᠠᠰᠤᠨ ᠤ ᠬᠡᠦᠬᠡᠳ ᠳᠤ ᠢᠯᠡᠭᠦᠦ ᠵᠣᠬᠢᠰᠲᠠᠢ, ᠬᠡᠲᠦ ᠬᠡᠲᠦᠷᠡᠭᠦᠯᠬᠦ ᠦᠭᠡᠢ ᠪᠠᠷ
ᠲᠠᠮᠲᠩᠯᠠᠪᠠᠯ ᠬᠡᠦᠬᠡᠳ ᠤᠨ ᠡᠷᠡᠭᠦᠯ ᠮᠡᠨᠳᠦ ᠳᠤ ᠴᠤ ᠵᠣᠬᠢᠮᠵᠢᠲᠠᠢ ᠪᠣᠯᠪᠠᠤ.
ᠡᠶᠢᠮᠦ ᠳᠣ᠋, ᠬᠡᠦᠬᠡᠳ ᠢ ᠬᠥᠮᠦᠵᠢᠭᠦᠯᠬᠦ, ᠡᠷᠡᠭᠦᠯ ᠪᠠᠶᠢᠯᠭᠠᠬᠤ, ᠵᠥᠪ ᠳᠠᠳᠤᠯ ᠳᠤ ᠬᠡᠪᠰᠢᠭᠦᠯᠬᠦ ᠢᠨᠦ ᠵᠥᠪᠬᠡᠨ ᠭᠡᠷ ᠪᠦᠯᠢ ᠲᠡᠳᠦᠢ ᠦᠭᠡᠢ ᠨᠡᠶᠢᠲᠡ ᠶᠢᠨ ᠪᠣᠯᠪᠠᠰᠤᠷᠠᠯ, ᠡᠷᠡᠭᠦᠯ ᠮᠡᠨᠳᠦ ᠶᠢᠨ ᠪᠣᠳᠤᠯᠭᠠ, ᠴᠢᠨᠭᠨᠰᠢᠯᠠᠪᠠᠯ ᠲᠥᠷᠦ ᠶᠢᠨ ᠳᠡᠮᠵᠢᠯᠭᠡ ᠲᠠᠢ ᠪᠠᠷ ᠬᠡᠷᠡᠭᠵᠢᠭᠦᠯᠬᠦ ᠴᠢᠬᠤᠯᠠ ᠠᠰᠠᠭᠤᠳᠠᠯ ᠶᠤᠮ᠃ ᠡᠷᠡᠭᠦᠯ ᠪᠡᠶᠡ, ᠵᠥᠪ ᠮᠡᠳᠡᠯᠭᠡ, ᠶᠣᠰᠣ ᠤᠯᠠᠮᠵᠢᠯᠠᠯ ᠶᠢᠨ ᠮᠡᠳᠡᠳᠡᠭ ᠢᠷᠭᠡᠨ ᠤᠯᠤᠰ ᠣᠷᠣᠨ ᠤ ᠲᠤᠯᠭᠠᠭᠤᠷᠢ ᠪᠣᠯᠤᠨᠠ.
- ᠪᠤᠷᠬᠠᠨ ᠤ ᠱᠠᠰᠢᠨ ᠳᠤ ᠪᠣᠯᠤᠭᠠᠳ ᠮᠣᠩᠭᠣᠯᠴᠤᠳ ᠤᠨ ᠳᠤᠮᠳᠠ ᠳᠠᠭᠠ ᠦᠭᠡᠢ ᠦᠭᠡ, ᠦᠢᠯᠡ ᠊ᠢᠢ ᠶᠣᠭᠲᠠ ᠨᠡᠷᠡ ᠪᠠᠷ ᠨᠡᠷᠡᠯᠡᠬᠦ, ᠡᠶᠠᠷᠠᠬᠯᠵᠤ ᠬᠡᠯᠡᠳᠡᠭ ᠶᠣᠰᠣᠨ ᠪᠠᠶᠢᠳᠠᠭ ᠰᠢᠦ ᠳ᠋ᠠ᠃
ᠡᠭᠦᠨ ᠤ ᠲᠤᠬᠠᠢ ᠳᠤ ᠲᠠ ᠶᠠᠭᠤ ᠊ᠢᠢ ᠤᠨᠴᠠᠯᠠᠨ ᠵᠠᠬᠢᠬᠤ ᠪᠣᠯ,,,
- ᠦᠭᠡ ᠪᠣᠯ ᠡᠨᠧᠷᠭᠢ. ᠮᠠᠭᠤ, ᠪᠤᠷᠤᠭᠤ ᠦᠭᠡ ᠬᠡᠯᠡᠯᠭᠡ ᠊ᠢᠢ ᠨᠡᠶᠢᠲᠡ ᠳᠤ ᠲᠦᠭᠡᠭᠡᠬᠦ ᠢᠨᠦ ᠨᠡᠶᠢᠭᠡᠮ ᠤᠨ ᠰᠡᠳᠬᠢᠯ ᠵᠦᠢ ᠊ᠢᠢ ᠲᠤᠷᠦ᠋ᠢᠲᠠᠭᠤᠯᠤᠨᠠ᠃
ᠮᠣᠩᠭᠣᠯᠴᠤᠳ ᠮᠠᠭᠤ ᠊ᠢᠢ ᠶᠡᠷᠦ ᠡᠴᠡ ᠪᠠᠯᠭᠠᠲᠠᠲᠩ ᠦᠭᠡᠢ ᠠᠷᠠᠳ ᠲᠦᠮᠡᠨ. ᠬᠦᠮᠦᠨ ᠳᠤ ᠪᠣᠯᠤᠨ ᠥᠪᠡᠷ ᠳᠤ ᠮᠠᠭᠤᠬᠠᠢ ᠊ᠢᠢ, ᠲᠠᠭᠠᠯᠠᠮᠵᠢ ᠦᠭᠡᠢ ᠊ᠢᠢ ᠵᠦᠩᠨᠡᠬᠦ, ᠬᠡᠯᠡᠬᠦ ᠊ᠢᠢ ᠲᠠᠭᠠᠰᠢᠶᠠᠲᠠᠭ ᠦᠭᠡᠢ᠃
- ᠲᠠ ᠮᠠᠨ ᠤ ᠤᠩᠰᠢᠭᠴᠢᠳ ᠳᠤ ᠮᠣᠷᠢ ᠵᠢᠯ ᠤᠨ ᠢᠷᠦᠭᠡᠯ ᠤᠨ ᠦᠭᠡ ᠪᠠᠨ ᠬᠡᠯᠡᠨᠡ ᠤᠤ?
- ᠰᠦᠰᠦᠭᠲᠡᠨ ᠣᠯᠠᠨ ᠲᠠ ᠪᠦᠬᠦᠨ ᠮᠠᠨᠶ ᠰᠠᠷᠠ ᠰᠢᠨᠡ ᠳᠤ ᠪᠠᠨ ᠰᠠᠶᠢᠬᠠᠨ ᠰᠢᠨᠠᠯᠠᠵᠤ᠂
ᠰᠡᠳᠬᠢᠯ ᠳᠤ ᠪᠠᠨ ᠠᠷᠢᠭᠤᠨ ᠪᠣᠳᠣᠯ ᠲᠡᠭᠡᠭᠡᠵᠦ, ᠪᠤᠶᠠᠨ ᠨᠣᠮ ᠶᠢᠨ ᠠᠷᠪᠢᠵᠢᠭᠤᠯᠬᠤ, ᠡᠪ ᠡᠭ ᠲᠠᠢ, ᠡᠷᠡᠭᠦᠯ ᠡ᠊ᠩᠭᠠᠠ ᠠᠮᠢᠳᠤᠷᠠᠬᠤ ᠪᠣᠯᠲᠤᠭᠠᠢ.
ᠭᠠᠯ ᠮᠣᠷᠢ ᠵᠢᠯ ᠳᠤ ᠪᠠᠨ ᠡᠷᠴᠢ ᠬᠦᠴᠦ ᠊ᠢᠢ ᠤᠬᠠᠭᠠᠨ ᠊ᠢᠢᠠᠷ ᠵᠢᠯᠤᠭᠤᠳᠴᠤ᠂ ᠰᠡᠳᠬᠢᠯ ᠤᠨ ᠭᠠᠯ ᠢ
ᠪᠠᠳᠠᠷᠠᠭᠠᠵᠤ, ᠠᠭᠤᠷ ᠣᠮᠤᠭ ᠢ ᠨᠤᠮᠳᠭᠳᠭᠨᠵᠤ ᠶᠠᠪᠤᠪᠠᠯ ᠵᠢᠯ ᠡᠭᠡᠯᠢᠲᠡᠢ ᠰᠠᠶᠢᠬᠠᠨ ᠪᠠᠶᠢᠬᠤ ᠪᠣᠯᠤᠨᠠ.
,,, ᠬᠠᠮᠤᠭ ᠠᠮᠢᠲᠠᠨ ᠠᠮᠤᠭᠤᠯᠠᠩ ᠬᠢᠭᠡᠳ ᠠᠮᠤᠭᠤᠯᠠᠩ ᠤᠨ ᠰᠢᠯᠲᠠᠭᠠᠨ ᠲᠡᠭᠦᠯᠳᠡᠷ
ᠪᠣᠯᠲᠤᠭᠠᠢ.
ᠬᠠᠮᠤᠭ ᠠᠮᠢᠲᠠᠨ ᠵᠣᠪᠠᠯᠠᠩ ᠬᠢᠭᠡᠳ ᠵᠣᠪᠠᠯᠠᠩ ᠤᠨ ᠰᠢᠯᠲᠠᠭᠠᠨ ᠡᠴᠡ ᠡᠭᠦᠷᠢᠳᠡ
ᠬᠠᠭᠠᠴᠠᠬᠤ ᠪᠣᠯᠲᠤᠭᠠᠢ.
- ᠶᠠᠷᠢᠯᠴᠭᠨᠰᠠᠨ ᠳᠤ ᠪᠠᠶᠠᠷᠯᠠᠯᠠ.
ᠲᠠ ᠰᠠᠷᠠ ᠰᠢᠨᠡ ᠳᠤ ᠪᠠᠨ ᠰᠠᠶᠢᠬᠠᠨ ᠰᠢᠨᠠᠯᠠᠭᠠᠷᠠᠢ᠃
ᠶᠠᠷᠢᠯᠴᠭᠨᠰᠠᠨ᠂ ᠪᠠ᠂ ᠭᠠᠷᠮᠠ





