︽ ᠮᠣᠩᠭᠣᠯ ᠤᠨ ᠰᠠᠶᠢᠬᠠᠨ ᠪᠢᠴᠢᠭᠲᠠᠨ - 2025 ︾ ᠣᠯᠠᠨ
ᠤᠯᠤᠰ ᠤᠨ ᠤᠷᠤᠯᠳᠤᠭᠠᠨ ᠳᠤ ᠳᠡᠳ᠋ ᠪᠠᠶᠢᠷᠢ ᠡᠵᠡᠯᠡᠭᠰᠡᠨ ᠤ,
ᠬᠤ, ᠤᠯᠤᠰ ᠤᠨ ᠪᠤᠢ, ᠨᠠ᠂ ᠪᠤᠷᠢᠶᠠᠳ ᠤᠯᠤᠰ ᠤᠨ ᠤᠯᠠᠭᠠᠨ - ᠦᠳᠡ ᠬᠣᠲᠠ ᠶᠢᠨ ᠤᠷᠠᠨ ᠪᠢᠴᠢᠭᠡᠴᠢ ᠪᠢᠯᠬᠢᠲ᠋ᠤᠸᠠ ᠠᠷᠶᠦ᠋ᠨᠠ ᠲᠠᠢ
ᠶᠠᠷᠢᠯᠴᠭᠨᠰᠠᠨ ᠢ ᠤᠩᠰᠢᠭᠴᠢ ᠲᠠᠨᠠ ᠬᠦᠷᠭᠡᠵᠦ ᠪᠠᠶᠢᠨᠠ᠃
ᠲᠡᠷᠡ ᠪᠠᠷ ᠹᠢᠽᠢᠺ ᠤᠨ ᠪᠠᠭᠰᠢ ᠮᠡᠷᠭᠡᠵᠢᠯ ᠲᠠᠢ ᠪᠥᠭᠡᠳ ᠡᠨᠡ ᠤᠳᠠᠭᠠ ᠶᠢᠨ ᠤᠷᠤᠯᠳᠤᠭᠠᠨ ᠳᠤ ᠬᠤᠯᠤᠰᠤᠨ ᠦᠵᠦᠭ ᠊ᠢᠢᠠᠷ
ᠪᠦᠲᠦᠭᠡᠯ ᠶᠢᠨ ᠲᠤᠭᠤᠷᠪᠢᠭᠰᠠᠨ ᠪᠢᠯᠡ.
- ︽ ᠮᠣᠩᠭᠣᠯ ᠤᠨ ᠰᠠᠶᠢᠬᠠᠨ ᠪᠢᠴᠢᠭᠲᠠᠨ - 2025 ︾ ᠤᠷᠤᠯᠳᠤᠭᠠᠨ ᠳᠤ ᠬᠡᠷᠬᠢᠨ ᠤᠷᠤᠯᠴᠠᠬᠤ ᠪᠣᠯᠤᠭᠰᠠᠨ ᠲᠤᠬᠠᠢ ᠪᠠᠨ ᠬᠤᠪᠢᠶᠠᠯᠴᠠᠨᠠ ᠤᠤ?
- ᠪᠢ ᠡᠨᠡ ᠤᠷᠤᠯᠳᠤᠭᠠᠨ ᠳᠤ ᠬᠤᠶᠠᠷᠲᠠᠭᠢ ᠤᠳᠠᠭᠠ ᠪᠠᠨ
ᠣᠷᠣᠯᠴᠠᠵᠤ ᠪᠠᠶᠢᠨᠠ᠃ ᠠᠩᠬᠠ 2024 ᠣᠨ ᠳᠤ
ᠪᠠ᠂ ᠡᠯᠪᠠᠭ᠍ᠵᠠᠶᠠᠭᠠ ᠪᠠᠭᠰᠢ ᠶᠢᠨ ᠤᠷᠢᠯᠭᠠ ᠪᠠᠷ ᠣᠷᠣᠯᠴᠠᠵᠤ, ᠭᠤᠷᠪᠠᠳᠤᠭᠠᠷ ᠪᠠᠶᠢᠷᠢ ᠡᠵᠠᠯᠠᠵᠤ ᠪᠠᠶᠢᠭᠰᠠᠨ᠃ ᠬᠠᠷᠢᠨ ᠡᠨᠡ ᠵᠢᠯ
ᠳᠡᠳ᠋ ᠪᠠᠶᠢᠷᠢ ᠳᠤ ᠰᠢᠯᠭᠠᠷᠠᠯᠠ᠃
- ᠲᠠ ᠭᠠᠵᠢᠶᠠᠨ ᠡᠴᠡ ᠮᠣᠩᠭᠣᠯ ᠪᠢᠴᠢᠭ ᠰᠤᠷᠴᠤ ᠡᠬᠢᠯᠡᠭᠰᠡᠨ ᠪᠤᠢ?
- 2016 ᠣᠨ ᠳᠤ ᠮᠣᠩᠭᠣᠯ ᠪᠢᠴᠢᠭ ᠢ
ᠤᠩᠰᠢᠵᠤ ᠰᠤᠷᠴᠤ, 2017 ᠣᠨ ᠡᠴᠡ ᠤᠷᠠᠨ
ᠪᠢᠴᠢᠯᠭᠡ ᠊ᠢᠢ ᠰᠣᠨᠢᠷᠬᠠᠵᠤ ᠡᠬᠢᠯᠡᠭᠰᠡᠨ. ᠲᠤᠬᠠᠢ ᠶᠢᠨ ᠵᠢᠯ ᠡ᠂ ᠠᠷᠢᠭᠤᠨᠪᠣᠯᠣᠳ ᠪᠠᠭᠰᠢ ᠤᠯᠠᠭᠠᠨ - ᠦᠳᠡ
ᠬᠣᠲᠠ ᠳᠤ ᠰᠤᠷᠭᠠᠯᠲᠠ ᠵᠣᠬᠢᠶᠠᠨ ᠪᠠᠶᠢᠭᠤᠯᠬᠤ ᠳᠤ ᠠᠨᠤ ᠬᠠᠮᠤᠷᠤᠭᠳᠠᠭᠰᠠᠨ.
- ᠮᠣᠩᠭᠣᠯ ᠪᠢᠴᠢᠭ ᠢ ᠰᠣᠨᠢᠷᠬᠠᠬᠤ ᠪᠣᠯᠤᠭᠰᠠᠨ ᠰᠢᠯᠲᠠᠭᠠᠨ ᠲᠡᠨᠢ ᠶᠠᠭᠤ ᠪᠤᠢ?
- ᠪᠢ ᠪᠠᠷᠭᠤᠵᠢᠨᠠᠢ ᠠᠢᠢᠮᠨᠭ ᠳᠤ ᠲᠦᠷᠤᠵᠤ ᠥᠰᠦᠭᠰᠡᠨ. ᠮᠠᠨ ᠤ ᠲᠣᠰᠬᠣᠨ ᠤ ᠮᠦᠽᠧᠢ ᠳᠤ
ᠳᠡᠯᠡᠬᠡᠢ ᠶᠢᠨ ᠬᠣᠶᠠᠳᠤᠭᠠᠷ ᠳᠠᠶᠢᠨ ᠳᠤ ᠣᠷᠣᠯᠴᠠᠭᠰᠠᠨ ᠪᠤᠷᠢᠶᠠᠳ ᠴᠡᠷᠢᠭ ᠤᠳ ᠤᠨ ᠮᠣᠩᠭᠣᠯ ᠪᠢᠴᠢᠭ ᠊ᠢᠢᠠᠷ ᠪᠢᠴᠢᠭᠰᠡᠨ ᠵᠠᠬᠢᠳᠠᠯ ᠬᠠᠲᠠᠭᠠᠯᠭᠨᠲᠠᠲᠠᠭ᠃ ᠲᠡᠷᠡ
ᠵᠠᠬᠢᠳᠠᠯ ᠤᠳ ︽ ᠡᠨᠡ ᠪᠣᠯ ᠪᠢᠳᠡᠨ ᠤ ᠪᠢᠴᠢᠭ ︾ ᠬᠡᠮᠡᠬᠦ
ᠣᠶᠢᠯᠠᠭᠠᠯᠲᠠ ᠊ᠢᠢ ᠨᠠᠳᠤᠷ ᠪᠠᠭᠠ ᠡᠴᠡ ᠯᠠ ᠰᠠᠭᠤᠯᠭᠠᠭᠰᠠᠨ. ᠬᠣᠵᠢᠮ ᠬᠡᠦᠬᠡᠳ ᠤᠳ ᠮᠠᠨᠢ ᠲᠣᠮᠣ ᠪᠣᠯᠬᠤ ᠳᠤ ᠮᠣᠩᠭᠣᠯ ᠪᠢᠴᠢᠭ ᠢ ᠰᠤᠷᠴᠤ, ᠭᠦᠨᠵᠡᠭᠡᠶᠢᠷᠡᠭᠦᠯᠬᠦ ᠪᠠᠷ ᠰᠢᠢᠲᠤᠭ᠍ᠰᠠᠨ᠃ ︽ ᠪᠤᠷᠢᠶᠠᠳ ᠰᠤᠶᠤᠯ ︾ ᠣᠯᠠᠨ ᠨᠡᠶᠢᠲᠡ ᠶᠢᠨ ᠪᠠᠢᠢᠭᠤᠯᠤᠯᠭᠠ ᠶᠢᠨ
ᠵᠣᠬᠢᠶᠠᠨ ᠪᠠᠶᠢᠭᠤᠯᠤᠭᠰᠠᠨ ᠰᠤᠷᠭᠠᠯᠲᠠ ᠳᠤ
ᠬᠠᠮᠤᠷᠤᠭᠳᠠᠭᠰᠠᠨ ᠊ᠢᠢᠠᠷ ᠡᠨᠡ ᠵᠠᠮᠨᠠᠯ ᠮᠠᠨᠢ ᠤᠯᠠᠮ
ᠪᠠᠲᠤᠵᠢᠭᠰᠠᠨ᠃
- ᠮᠣᠩᠭᠣᠯ ᠪᠢᠴᠢᠭ ᠰᠤᠷᠬᠤ ᠳᠤ ᠬᠦᠨᠳᠦᠷᠡᠯᠲᠡᠢ
ᠪᠠᠶᠢᠪᠠ ᠤᠤ?
- ᠠᠮᠠᠷ ᠦᠭᠡᠢ ᠪᠠᠶᠢᠭᠰᠠᠨ᠃ ᠭᠡᠬᠦ ᠳᠤ ᠪᠠᠨ
ᠤᠯᠠᠮᠵᠢᠯᠠᠯᠲᠤ ᠮᠣᠩᠭᠣᠯ ᠪᠢᠴᠢᠭ ᠊ᠢᠢᠠᠷ ᠳᠠᠮᠵᠢᠭᠤᠯᠤᠨ ᠮᠠᠷᠲᠠᠭᠳᠠᠭᠰᠠᠨ ᠦᠭᠡ ᠬᠡᠯᠡᠯᠭᠡ ᠪᠠᠨ ᠰᠡᠷᠭᠦᠭᠡᠵᠦ, ᠡᠮᠡᠭᠡ ᠡᠪᠦᠭᠡ ᠶᠢᠨ ᠶᠢᠨ ᠭᠠᠷᠩᠯᠠᠵᠤ ᠪᠠᠶᠢᠭᠰᠠᠨ ᠦᠭᠡᠰ ᠢ ᠳᠠᠬᠢᠨ ᠲᠠᠨᠢᠭᠰᠠᠨ. ᠢᠩᠭᠢᠭᠰᠠᠨ ᠊ᠢᠢᠠᠷ, ᠡᠬᠡ ᠬᠡᠯᠡ,
ᠦᠨᠳᠦᠰᠦᠨ ᠤ ᠰᠤᠶᠤᠯ ᠤᠨ ᠲᠠᠯᠠ ᠪᠠᠷ ᠬᠢ ᠮᠡᠳᠡᠯᠭᠡ ᠮᠠᠨᠢ ᠬᠢᠨᠵᠠᠭᠠᠢᠢᠷᠩᠰᠠᠨ᠃ ᠣᠳᠤ ᠪᠢ ᠮᠣᠩᠭᠣᠯ ᠪᠢᠴᠢᠭ ᠊ᠢᠢᠠᠷ
ᠪᠢᠴᠢᠭᠰᠡᠨ ᠣᠯᠠᠨ ᠨᠣᠮ ᠤᠩᠰᠢᠵᠤ, ᠳᠡᠳᠡᠭᠡᠷ ᠢ ᠣᠷᠴᠢᠨ
ᠴᠠᠭ ᠤᠨ ᠪᠤᠷᠢᠶᠠᠳ ᠬᠡᠯᠡ ᠤᠷᠤᠬᠤ ᠬᠢᠷᠪᠠᠬᠯᠲᠩ᠃
- ᠤᠯᠠᠭᠠᠨ - ᠦᠳᠡ ᠬᠣᠲᠠ ᠳᠤ ᠮᠣᠩᠭᠣᠯ ᠪᠢᠴᠢᠭ ᠤᠨ ᠰᠲ᠋ᠦ᠋ᠳᠢ
ᠪᠠᠶᠢᠭᠤᠯᠤᠭᠰᠠᠨ ᠲᠠᠯᠠ ᠪᠠᠷ ᠢᠢᠨᠨ᠂᠂᠂
- ᠡ᠂ ᠠᠷᠢᠭᠤᠨᠪᠣᠯᠣᠳ ᠪᠠᠭᠰᠢ ᠶᠢᠨ ᠵᠦᠪᠯᠩᠰᠠᠨ ᠊ᠢᠢᠠᠷ, ᠪᠢᠳᠡ ᠤᠯᠠᠭᠠᠨ - ᠦᠳᠡ ᠶᠢᠨ ᠬᠣᠲᠠ ᠶᠢᠨ ᠲᠥᠪ ᠳᠤ ᠰᠲ᠋ᠦ᠋ᠳᠢ ᠪᠠᠶᠢᠭᠤᠯᠵᠤ, ᠮᠣᠩᠭᠣᠯ ᠪᠢᠴᠢᠭ ᠤᠨ ᠰᠤᠷᠭᠠᠯᠲᠠ ᠪᠠᠨ ᠡᠬᠢᠯᠡᠭᠦᠯᠦᠭᠰᠡᠨ. ︽ ᠴᠠᠭ ᠠᠨᠤ ᠪᠣᠯᠤᠭᠰᠠᠨ ︾ ᠭᠡᠵᠦ ᠪᠠᠭᠰᠢ ᠮᠠᠨᠢ ᠬᠡᠯᠡᠭᠰᠡᠨ ᠢᠨᠦ ᠪᠢᠳᠡᠨ ᠳᠤ ᠤᠷᠮᠠ ᠵᠣᠷᠢᠭ ᠥᠭᠭᠦᠭᠰᠡᠨ.
- ᠪᠤᠷᠢᠶᠠᠳ ᠳᠤ ᠮᠣᠩᠭᠣᠯ ᠪᠢᠴᠢᠭ ᠰᠤᠷᠬᠤ ᠰᠣᠨᠢᠷᠬᠠᠯ ᠬᠢᠷᠢ
ᠪᠠᠶᠢᠨᠠ ᠪᠤᠢ?
- ᠰᠡᠭᠦᠯ ᠤᠨ ᠵᠢᠯ ᠤᠳ ᠳᠤ ᠰᠣᠨᠢᠷᠬᠠᠯ ᠡᠷᠡᠰ ᠨᠡᠮᠡᠭᠳᠡᠭᠰᠡᠨ. ᠮᠣᠩᠭᠣᠯ ᠪᠢᠴᠢᠭ ᠢᠨᠦ 1930 - ᠭᠤ᠋ᠨ ᠣᠨ ᠬᠦᠷᠲᠡᠯᠡ ᠪᠤᠷᠢᠶᠠᠳ ᠤᠨ ᠠᠯᠪᠠᠨ ᠶᠣᠰᠣᠨ ᠤ ᠪᠢᠴᠢᠭ
ᠪᠠᠶᠢᠭᠰᠠᠨ ᠤᠴᠢᠷ ᠡᠴᠡ ᠬᠦᠮᠦᠰ ᠶᠡᠬᠡ ᠰᠤᠨᠢᠷᠭᠨᠲᠠᠭ᠃ ᠮᠠᠨ ᠤ ᠬᠢ ᠬᠣᠶᠠᠷ
ᠰᠠᠷᠠ ᠶᠢᠨ ᠰᠤᠷᠭᠠᠯᠲᠠ ᠪᠠᠷ ᠶᠢᠨ ᠮᠣᠩᠭᠣᠯ ᠪᠢᠴᠢᠭ, ᠳᠦᠷᠢᠮ, ᠤᠷᠠᠨ ᠪᠢᠴᠢᠯᠭᠡ ᠵᠢᠭᠠᠳᠠᠭ.
- ᠣᠯᠠᠨ ᠤᠯᠤᠰ ᠤᠨ ᠤᠷᠠᠨ ᠪᠢᠴᠢᠯᠭᠡ ᠶᠢᠨ ᠤᠷᠤᠯᠳᠤᠭᠠᠨ, ᠦᠵᠡᠰᠬᠦᠯᠡᠩ ᠳᠤ ᠣᠷᠣᠯᠴᠠᠵᠤ ᠪᠠᠶᠢᠭᠰᠠᠨ ᠲᠤᠷᠰᠢᠯᠭᠠ ᠡᠴᠡ ᠪᠠᠨ ᠬᠤᠪᠢᠶᠠᠯᠴᠠᠨᠠ ᠤᠤ?
- ᠬᠠᠯᠢᠮᠠᠭ ᠤᠨ ᠡᠯᠡᠰᠥᠳᠡᠢ ᠬᠣᠲᠠ ᠳᠤ ᠪᠣᠯᠳᠠᠭ ᠣᠯᠠᠨ ᠤᠯᠤᠰ ᠤᠨ ᠦᠵᠡᠰᠬᠦᠯᠡᠩ ᠳᠤ ᠮᠠᠨ ᠤ ᠱᠠᠪᠢ ᠨᠠᠷ
ᠪᠦᠲᠦᠭᠡᠯ ᠊ᠢᠢᠠᠷ ᠶᠢᠨ ᠤᠷᠤᠯᠴᠠᠲᠠᠭ᠃ ᠮᠥᠨ
ᠤᠯᠠᠭᠠᠨᠪᠠᠭᠠᠲᠤᠷ ᠬᠣᠲᠠ ᠶᠢᠨ ︽ ᠮᠥᠩᠬᠡ ᠲᠩᠷᠢ ᠶᠢᠨ
ᠪᠢᠴᠢᠭ ︾ ᠤᠷᠤᠯᠳᠤᠭᠠᠨ ᠳᠤ 2023 ᠣᠨ ᠡᠴᠡ ᠬᠣᠶᠢᠰᠢ, ︽ ᠮᠣᠩᠭᠣᠯ ᠤᠨ ᠰᠠᠶᠢᠬᠠᠨ ᠪᠢᠴᠢᠭᠲᠠᠨ ︾ ᠣᠯᠠᠨ
ᠤᠯᠤᠰ ᠤᠨ ᠤᠷᠤᠯᠳᠤᠭᠠᠨ ᠳᠤ ᠪᠠᠰᠠ ᠲᠣᠭᠲᠠᠮᠠᠯ ᠣᠷᠣᠯᠴᠠᠵᠤ ᠪᠠᠶᠢᠨᠠ᠃
- ᠺᠷᠠᠰᠨᠤᠶᠠᠷᠰᠺ ᠬᠣᠲᠠ ᠳᠤ ᠪᠣᠯᠬᠤ ᠳᠡᠯᠡᠬᠡᠢ ᠶᠢᠨ ᠤᠷᠠᠨ ᠪᠢᠴᠢᠯᠭᠡ ᠶᠢᠨ ᠦᠵᠡᠰᠬᠦᠯᠡᠩ ᠤᠨ
ᠲᠤᠬᠠᠢ ᠳᠣ᠋,,,?
- ᠠᠽᠢ᠂ ᠠᠷᠠᠪ, ᠧᠦ᠋ᠷᠣᠫᠠ ᠶᠢᠨ ᠣᠷᠣᠨ
ᠨᠤᠭᠤᠳ ᠤᠨ ᠤᠷᠠᠨ ᠪᠢᠴᠢᠭᠠᠴᠢᠳ ᠤᠷᠤᠯᠴᠠᠲᠠᠭ ᠳᠡᠯᠡᠬᠡᠢ ᠶᠢᠨ ᠬᠡᠮᠵᠢᠶᠡᠨ ᠤ ᠦᠵᠡᠰᠬᠦᠯᠡᠩ ᠢᠷᠡᠬᠦ ᠳᠥᠷᠪᠡᠳᠦᠭᠡᠷ ᠰᠠᠷᠠ ᠳᠤ ᠪᠣᠯᠤᠨᠠ. ᠪᠢ ᠤᠭ ᠦᠵᠡᠰᠬᠦᠯᠡᠩ ᠳᠤ ᠤᠷᠤᠯᠴᠠᠬᠤ ᠪᠠᠷ ᠪᠤᠷᠢᠶᠠᠳ ᠤᠨ ᠦᠨᠳᠦᠰᠦᠨ ᠤ ᠮᠦᠽᠧᠢ ᠶᠢᠨ
ᠤᠳᠤᠷᠢᠳᠤᠯᠭᠠ ᠲᠠᠢ ᠶᠠᠷᠢᠯᠴᠠᠵᠤ, ᠪᠡᠯᠡᠳᠬᠡᠯ ᠶᠢᠨ
ᠬᠠᠩᠭᠠᠬᠤ ᠪᠠᠷ ᠲᠥᠯᠥᠪᠯᠡᠵᠦ ᠪᠠᠶᠢᠨᠠ᠃
ᠶᠠᠷᠢᠯᠴᠭᠨᠰᠠᠨ ᠶᠦ᠋᠂ ᠳᠡᠯᠭᠡᠷᠮᠠ





