ᠰᠠᠶ᠋ᠢᠬᠠᠨ ᠪᠣᠯᠵᠤ ᠦᠨᠲᠤᠷᠯᠩᠰᠠᠨ
ᠤᠯᠤᠰ ᠤᠨ ᠮᠣᠩᠭᠣᠯ ᠬᠡᠯᠡ, ᠪᠢᠴᠢᠭ ᠤᠨ 54 ᠳ᠋ᠤᠭᠠᠷ
ᠣᠯᠢᠮᠫᠢᠶᠠᠳ᠋ ᠡᠴᠡ ᠠᠯᠲᠠᠨ ᠮᠧᠲᠠᠯᠢ ᠬᠦᠷᠲᠡᠭᠰᠡᠨ, ᠮᠦ, ᠤ, ᠶᠠ᠂ ᠰᠤᠷᠭᠠᠭᠤᠯᠢ ᠶᠢᠨ ᠵᠠᠪᠬᠠᠨ
ᠠᠶᠢᠮᠠᠭ ᠳ᠋ᠡᠬᠢ ᠶᠡᠷᠦᠩᠬᠡᠢ ᠪᠣᠯᠪᠠᠰᠤᠷᠠᠯ ᠤᠨ ᠠᠬᠠᠯᠠᠬᠤ ᠰᠤᠷᠭᠠᠭᠤᠯᠢ ᠶᠢᠨ ᠮᠦ, ᠭᠠ᠂ ᠪᠢ᠂ ᠤ, ᠵᠣᠬᠢᠶᠠᠯ ᠤᠨ ᠪᠠᠭᠰᠢ ᠲᠠ᠂ ᠴᠡᠷᠢᠩᠳᠣᠯᠭᠠᠷ ᠲᠠᠢ
ᠶᠠᠷᠢᠯᠴᠭᠨᠰᠠᠨ ᠶᠢᠨ ᠤᠩᠰᠢᠭᠴᠢ ᠲᠠᠨᠠ ᠬᠦᠷᠭᠡᠵᠦ ᠪᠠᠶᠢᠨᠠ᠃
- ᠮᠠᠨ ᠤ ᠰᠣᠨᠢᠨ ᠤ ︽ ᠮᠣᠩᠭᠣᠯ ᠤᠨ ᠰᠠᠶᠢᠬᠠᠨ
ᠪᠢᠴᠢᠭᠲᠠᠨ ︾ ᠣᠯᠠᠨ ᠤᠯᠤᠰ ᠤᠨ ᠤᠷᠤᠯᠳᠤᠭᠠᠨ ᠳᠤ
ᠲᠠᠨ ᠤ ᠪᠡᠯᠡᠳᠬᠡᠭᠰᠡᠨ ᠠᠩᠭᠢ ᠱᠠᠩᠨᠠᠯ ᠠᠪᠴᠤ
ᠪᠠᠶᠢᠭᠰᠠᠨ ᠰᠢᠦ ᠳ᠋ᠠ᠃ ᠡᠭᠦᠨ ᠡᠴᠡ ᠶᠠᠷᠢᠶᠠ ᠪᠠᠨ
ᠡᠬᠢᠯᠡᠶᠡ ,,,
- ᠶᠠᠭᠤᠨ ᠤ ᠲᠦᠷᠦᠭᠦᠨ ᠳᠤ ︽ ᠬᠦᠮᠦᠨ
ᠪᠢᠴᠢᠭ ︾ ᠰᠣᠨᠢᠨ ᠤ ᠤᠩᠰᠢᠭᠴᠢᠳ ᠳᠤ ᠪᠠᠨ ᠡᠨᠡ
ᠡᠳᠦᠷ ᠤᠨ ᠮᠡᠨᠳᠦ ᠬᠦᠷᠭᠡᠶᠡ. ᠲᠡᠬᠡᠯ ᠦᠭᠡᠢ ᠶᠠᠭᠠᠭᠢᠬᠤ ᠪᠤᠢ. ᠮᠣᠩᠭᠣᠯ ᠪᠢᠴᠢᠭ ᠳᠤ ᠪᠠᠨ
ᠡᠯᠢᠭᠡ ᠲᠠᠢ, ᠦᠨᠳᠦᠰᠦᠨ ᠤ ᠪᠢᠴᠢᠭ ᠰᠤᠶᠤᠯ ᠶᠢᠨ ᠳᠡᠭᠡᠳᠦᠯᠡᠳᠡᠭ ᠬᠡᠨ ᠪᠦᠬᠦᠨ ᠤ ᠬᠦᠰᠡᠨ ᠬᠦᠯᠢᠶᠡᠵᠦ,
ᠪᠡᠯᠡᠳᠬᠡᠨ ᠤᠷᠤᠯᠴᠠᠲᠠᠭ᠂ ᠴᠢᠨᠰᠠᠭᠠ ᠥᠨᠳᠥᠷ ᠤᠭ
ᠤᠷᠤᠯᠳᠤᠭᠠᠨ ᠳᠤ 2021 ᠣᠨ ᠳᠤ ︽ ᠴᠢᠨᠳᠠᠮᠠᠨᠢ - ᠡᠷᠳᠡᠨᠢ ︾ ᠰᠤᠷᠭᠠᠭᠤᠯᠢ ᠶᠢᠨ ᠴᠢ, ᠭᠠᠲᠨᠮᠠ
ᠪᠠᠭᠰᠢ ᠲᠠᠢ 12 ᠤᠨ ︽ ᠠ ︾ ᠠᠩᠭᠢ ᠲᠤᠰᠬᠠᠢ ᠪᠠᠶᠢᠷᠢ, 2022 ᠣᠨ ᠳᠤ ᠮᠥᠨ
ᠰᠤᠷᠭᠠᠭᠤᠯᠢ ᠊ᠢᠢᠨ, ᠮᠢᠨᠦ ᠲᠠᠭᠠᠭᠭᠨᠰᠠᠨ 12 ᠤᠨ
︽ ᠸᠠ ︾ ᠠᠩᠭᠢ ᠨᠤᠭᠤᠳ ᠠᠮᠵᠢᠯᠲᠠ ᠲᠠᠢ
ᠣᠷᠣᠯᠴᠠᠵᠤ ᠲᠤᠰᠬᠠᠢ ᠪᠠᠶᠢᠷᠢ ᠡᠵᠠᠯᠠᠵᠤ ᠪᠠᠶᠢᠯᠠ.
- ᠶᠡᠬᠡ ᠰᠤᠷᠭᠠᠭᠤᠯᠢ ᠪᠠᠨ ᠬᠠᠮᠢᠭᠠ
ᠲᠡᠭᠦᠰᠦᠭᠰᠡᠨ ᠪᠢᠯᠡ. ᠬᠡᠳᠦᠨ ᠵᠢᠯ, ᠬᠠᠮᠢᠭᠠ, ᠬᠠᠮᠢᠭᠠ ᠪᠠᠭᠰᠢᠯᠠᠵᠤ ᠪᠠᠶᠢᠨᠠ ᠪᠤᠢ?
- ᠪᠢ 2015 ᠣᠨ ᠳᠤ ᠮᠦ, ᠤ, ᠶᠠ᠂ ᠰᠤᠷᠭᠠᠭᠤᠯᠢ ᠊ᠢᠢ ᠮᠦ, ᠭᠠ᠂ ᠤ, ᠵᠣᠬᠢᠶᠠᠯ ᠤᠨ
ᠪᠠᠭᠰᠢ ᠮᠡᠷᠭᠡᠵᠢᠯ ᠊ᠢᠢᠠᠷ ᠲᠡᠭᠦᠰᠦᠭᠰᠡᠨ, 10 ᠳ᠋ᠡᠬᠢ ᠵᠢᠯ ᠳᠤ ᠪᠠᠨ ᠠᠵᠢᠯᠯᠠᠵᠤ ᠪᠠᠶᠢᠨᠠ᠃ ᠠᠵᠢᠯ ᠤᠨ
ᠭᠠᠷᠤᠭᠠ ᠪᠠᠨ ᠵᠠᠪᠬᠠᠨ ᠠᠶᠢᠮᠠᠭ ᠤᠨ ᠲᠣᠰᠣᠨᠴᠡᠩᠭᠡᠯ ᠰᠤᠮᠤ ᠶᠢᠨ ᠶᠠ᠂ ᠪ, ᠰᠤᠷᠭᠠᠭᠤᠯᠢ ᠶᠢᠨ ᠨᠢᠭᠡᠳᠦᠭᠡᠷ
ᠰᠤᠷᠭᠠᠭᠤᠯᠢ ᠡᠴᠡ ᠪᠠᠨ ᠡᠬᠢᠯᠡᠵᠦ,
ᠤᠯᠢᠶᠠᠰᠦᠲᠠᠢ ᠰᠤᠮᠤ ᠶᠢᠨ ᠶᠠ᠂ ᠪᠤ - ᠤᠨ
︽ ᠴᠢᠨᠳᠠᠮᠠᠨᠢ - ᠡᠷᠳᠡᠨᠢ ︾ ᠰᠤᠷᠭᠠᠭᠤᠯᠢ ᠳᠤ ᠪᠠᠨ
ᠳᠣᠯᠣᠭᠠᠨ ᠵᠢᠯ ᠠᠵᠢᠯᠯᠠᠭᠰᠠᠨ. ᠣᠳᠤ ᠵᠠᠪᠬᠠᠨ
ᠠᠶᠢᠮᠠᠭ ᠳ᠋ᠡᠬᠢ ᠮᠦ, ᠤ, ᠶᠠ᠂ ᠰᠤᠷᠭᠠᠭᠤᠯᠢ ᠶᠢᠨ
ᠬᠠᠷᠢᠶᠠ ᠶᠠ᠂ ᠪᠣᠯᠪᠠᠰᠤᠷᠠᠯ ᠤᠨ ᠠᠬᠠᠯᠠᠬᠤ
ᠰᠤᠷᠭᠠᠭᠤᠯᠢ ᠳᠤ ᠠᠵᠢᠯᠯᠠᠵᠤ ᠪᠠᠶᠢᠨᠠ᠃
- ᠥᠨᠥ ᠵᠢᠯ ᠤᠯᠤᠰ ᠤᠨ ᠮᠣᠩᠭᠣᠯ ᠬᠡᠯᠡ,
ᠪᠢᠴᠢᠭ ᠤᠨ ᠣᠯᠢᠮᠫᠢᠶᠠᠳ᠋ ᠳᠤ ᠲᠦᠷᠦᠭᠦᠯᠡᠭᠰᠡᠨ
ᠲᠠᠨ ᠳᠤ ᠪᠠᠶᠠᠷ ᠬᠦᠷᠭᠡᠶᠡ. ᠡᠮᠦᠨᠡ ᠢᠨᠦ
ᠤᠯᠤᠰ ᠤᠨ ᠣᠯᠢᠮᠫᠢᠶᠠᠳ᠋ ᠳᠤ ᠬᠡᠷᠬᠢᠨ ᠣᠷᠣᠯᠴᠠᠵᠤ
ᠪᠠᠶᠢᠪᠠ,,,
- ᠪᠠᠶᠠᠷᠯᠠᠯᠠ. ᠡᠨᠡ ᠵᠢᠯ ᠠᠩᠬᠠ ᠤᠳᠠᠭᠠ
ᠤᠯᠤᠰ ᠤᠨ ᠣᠯᠢᠮᠫᠢᠶᠠᠳ᠋ ᠳᠤ ᠤᠷᠤᠯᠴᠠᠭᠤ᠋ᠨ ᠲᠦᠷᠤᠬᠯᠠᠯᠠ᠃
- ᠡᠨᠡ ᠵᠢᠯ ᠤᠨ 54 ᠳ᠋ᠡᠬᠢ ᠣᠯᠢᠮᠫᠢᠶᠠᠳ᠋ ᠶᠠᠮᠠᠷ ᠣᠨᠴᠠᠯᠢᠭ ᠲᠠᠢ ᠪᠯᠪᠠᠢ᠂᠂᠂
- ᠡᠨᠡ ᠵᠢᠯ ᠤᠨ ᠲᠤᠬᠠᠢ ᠳᠣ᠋, ᠨᠡᠶᠢᠰᠯᠡᠯ ᠡᠴᠡ
ᠤᠷᠤᠯᠴᠠᠬᠤ ᠪᠠᠭᠰᠢ ᠶᠢᠨ ᠲᠣᠭᠠ ᠨᠡᠮᠡᠭᠳᠡᠭᠰᠡᠨ. ᠡᠮᠦᠨᠡ ᠢᠨᠦ ᠠᠶᠢᠮᠠᠭ, ᠳᠡᠭᠦᠷᠭᠡ ᠡᠴᠡ ᠰᠢᠯᠭᠠᠷᠠᠭᠰᠠᠨ 30
ᠪᠠᠭᠰᠢ ᠤᠷᠤᠯᠴᠠᠲᠠᠭ ᠪᠠᠶᠢᠭᠰᠠᠨ ᠪᠣᠯ ᠡᠨᠡ ᠵᠢᠯ 32 ᠪᠠᠭᠰᠢ ᠤᠷᠤᠯᠴᠠᠯᠠ᠃ ᠮᠥᠨ ᠣᠯᠢᠮᠫᠢᠶᠠᠳ᠋ ᠤᠨ ᠳᠡᠳ᠋ ᠬᠣᠷᠢᠶᠠᠨ ᠡᠴᠡ ᠠᠷᠭᠠ ᠵᠦᠢᠴᠢ, ᠪᠠᠭᠰᠢ,
ᠰᠤᠷᠳᠨᠴᠢᠳ ᠳᠤ ᠵᠣᠷᠢᠭᠤᠯᠤᠭᠰᠠᠨ ᠰᠤᠷᠭᠠᠯᠲᠠ
ᠵᠣᠬᠢᠶᠠᠨ ᠪᠠᠶᠢᠭᠤᠯᠤᠭᠰᠠᠨ ᠠᠨᠤ ᠦᠷᠡ ᠦᠭᠬᠭᠠᠵᠢᠲᠠᠢ ᠪᠠᠶᠢᠯᠠ.
- ᠴᠠᠭ ᠦᠶᠡ ᠪᠦᠬᠦᠨ ᠥᠭᠡᠷᠡ ᠥᠭᠡᠷᠡ ᠪᠠᠶᠢᠳᠠᠭ. ᠤᠯᠤᠰ ᠤᠨ ᠣᠯᠢᠮᠫᠢᠶᠠᠳ᠋ ᠤᠨ
ᠠᠭᠤᠯᠭᠠ, ᠳᠠᠭᠠᠭᠠᠯᠭᠠᠪᠤᠷᠢ ᠶᠢᠨ ᠰᠢᠨᠵᠢ ᠴᠢᠨᠠᠷ ᠬᠢᠷᠢ ᠵᠡᠷᠭᠡ ᠥᠭᠡᠷᠡᠴᠢᠯᠡᠭᠳᠡᠭᠰᠡᠨ ᠪᠣᠯ ,,,
- ᠶᠡᠷᠦᠩᠬᠡᠢ ᠳᠤ ᠪᠠᠨ ᠡᠬᠡ ᠶᠢᠨ ᠵᠠᠲᠠᠯᠤᠯ᠂
ᠦᠭᠦᠯᠡᠪᠦᠷᠢ ᠵᠦᠢ, ᠦᠭᠡ ᠶᠢᠨ ᠰᠠᠩ, ᠤᠳᠬᠠ ᠰᠤᠳᠤᠯᠤᠯ, ᠪᠢᠲᠤᠭᠠᠪᠷᠢ ᠵᠦᠢ, ᠦᠭᠡ ᠶᠢᠨ ᠭᠠᠷᠤᠯ, ᠤᠷᠠᠨ ᠵᠣᠬᠢᠶᠠᠯ, ᠦᠨᠳᠦᠰᠦᠨ ᠤ ᠪᠢᠴᠢᠭ ᠬᠡᠮᠡᠭᠰᠡᠨ ᠠᠭᠤᠯᠭᠠ ᠶᠢᠨ ᠬᠦᠷᠢᠶᠡᠨ ᠳᠤ ᠪᠠᠭᠰᠢ ᠶᠢᠨ ᠣᠨᠣᠯ ᠤᠨ ᠮᠡᠳᠡᠯᠭᠡ, ᠴᠢᠳᠠᠪᠤᠷᠢ ᠰᠢᠯᠭᠭᠨᠰᠠᠨ
ᠳᠠᠭᠠᠭᠠᠯᠭᠠᠪᠤᠷᠢ ᠨᠤᠭᠤᠳ ᠢᠷᠡᠳᠡᠭ. ᠡᠨᠡ
ᠵᠢᠯ ᠤᠨ ᠲᠤᠬᠠᠢ ᠳᠣ᠋, ᠵᠣᠬᠢᠶᠠᠨ ᠨᠠᠶᠢᠷᠠᠭᠤᠯᠬᠤ
ᠳᠠᠭᠠᠭᠠᠯᠭᠠᠪᠤᠷᠢ ᠬᠣᠶᠠᠷ ᠢᠷᠡᠭᠰᠡᠨ᠃ ᠡᠭᠦᠨ ᠢ ᠪᠢ ᠪᠠᠭᠰᠢ ᠨᠠᠷ ᠤᠨ ᠪᠢᠴᠢᠬᠦ ᠴᠢᠳᠠᠪᠤᠷᠢ ᠳᠤ ᠲᠦᠯᠬᠢᠭᠦᠦ ᠠᠩᠭᠨᠷᠪᠠᠠ ᠤᠤ ᠭᠡᠵᠦ ᠠᠵᠢᠭᠯᠭᠨᠰᠠᠨ᠃
- ᠣᠯᠠᠨ ᠵᠢᠯ ᠤᠨ ᠲᠤᠷᠰᠢᠯᠭᠠ ᠲᠠᠢ ᠡᠬᠡ ᠬᠡᠯᠡ ᠪᠢᠴᠢᠭ ᠤᠨ ᠠᠪᠤᠷᠭᠤ ᠪᠠᠭᠰᠢ ᠨᠠᠷ ᠦᠷᠢᠰᠤᠯᠲᠤᠭ᠍ᠰᠠᠨ ᠪᠠᠶᠢᠬᠤ,,,
- ᠲᠡᠬᠡᠯ ᠦᠭᠡᠢ ᠶᠠᠭᠠᠭᠢᠬᠤ ᠪᠤᠢ.
ᠪᠢᠲᠡᠭᠦᠬᠡᠨ ᠳᠤ ᠪᠠᠨ ᠲᠡᠳᠡᠨ ᠡᠴᠡ ᠰᠦᠷᠲᠠᠵᠤ ᠯᠠ ᠪᠠᠶᠢᠯᠠ. ᠣᠪᠰᠣ ᠶᠢᠨ ᠮᠢ, ᠦᠯᠵᠢ᠋ᠢᠲᠠᠯᠭᠠᠷ᠂ ᠳᠤᠮᠳᠠᠭᠤᠪᠢ ᠶᠢᠨ ᠲᠠ᠂ ᠣᠳᠬᠠᠨᠰᠦ᠋ᠷᠦᠩ,
ᠡᠮᠦᠨᠡᠭᠣᠪᠢ ᠶᠢᠨ ᠲ, ᠲᠤᠩᠭᠠᠯᠠᠭᠲᠠᠮᠢᠷ, ︽ ᠰᠢᠨᠡ
ᠮᠣᠩᠭᠣᠯ ︾ ᠤᠨ ᠪᠠ᠂ ᠠᠯᠲᠠᠨᠵᠤᠯᠠ, ︽ ᠰᠢᠨᠡ
ᠡᠷᠢᠨ ︾ ᠤ ᠪᠠ᠂ ᠪᠣᠯᠣᠷᠲᠣᠯᠢ ᠭᠡᠬᠦ ᠮᠡᠲᠦ ᠨᠤᠲᠤᠭ ᠤᠰᠤ,
ᠰᠤᠷᠭᠠᠭᠤᠯᠢ ᠪᠠᠷ ᠶᠢᠨ ᠤᠪᠨᠯᠠᠲᠠᠭ᠂ ᠨᠡᠶᠢᠲᠡ ᠮᠣᠩᠭᠣᠯ
ᠬᠡᠯᠡᠨ ᠤ ᠬᠢᠨ ᠳᠤᠮᠳᠠ ᠪᠠᠨ ᠨᠡᠷᠡ ᠬᠥᠨᠳᠥᠳᠡᠢ, ᠦᠨᠳᠦᠰᠦᠨ ᠤ ᠬᠡᠮᠵᠢᠶᠡᠨ ᠳᠤ ᠠᠷᠭᠠ ᠲᠤᠷᠰᠢᠯᠭᠠ ᠪᠠᠨ ᠲᠦᠭᠡᠭᠡᠨ
ᠳᠡᠯᠭᠡᠷᠡᠭᠦᠯᠵᠦ ᠪᠠᠶᠢᠳᠠᠭ ᠪᠠᠭᠰᠢ ᠨᠠᠷ ᠲᠠᠢ ᠪᠠᠨ ᠦᠷᠢᠰᠤᠯᠲᠤᠯᠠ᠃
- ᠬᠡᠳᠦᠨ ᠵᠢᠯ ᠤᠨ ᠡᠮᠦᠨᠡ, ᠡᠬᠡ ᠬᠡᠯᠡ
ᠪᠢᠴᠢᠭ ᠤᠨ ᠣᠯᠠᠨ ᠤᠳᠠᠭᠠ ᠶᠢᠨ ᠨᠠᠭᠠᠳᠤᠮ ᠤᠨ ᠠᠪᠤᠷᠭᠤ ᠭᠣᠪᠢ - ᠠᠯᠲᠠᠢ ᠠᠶᠢᠮᠠᠭ ᠤᠨ ᠪᠠᠭᠰᠢ ᠤ, ᠰᠦᠩᠵᠢᠳᠮᠠ ᠤᠯᠤᠰ ᠤᠨ ᠣᠯᠢᠮᠫᠢᠶᠠᠳ᠋ ᠤᠨ ᠨᠡᠷᠡ ᠬᠦᠨᠳᠦ ᠰᠠᠶᠢᠬᠠᠨ ᠴᠤ ᠱᠠᠩᠨᠠᠯ ᠤᠷᠮᠠᠰᠢᠭᠤᠯᠤᠯ ᠠᠨᠤ ᠳᠤᠩ ᠪᠠᠭᠠᠬᠠᠨ ᠪᠠᠶᠢᠳᠠᠭ ᠲᠤᠬᠠᠢ ᠶᠠᠷᠢᠵᠤ ᠪᠠᠶᠢᠭᠰᠠᠨ᠃ ᠰᠠᠶ᠋ᠢ ᠲᠠ ᠤᠯᠤᠰ ᠳᠤ ᠲᠦᠷᠦᠭᠦᠯᠡᠭᠡᠳ ᠶᠠᠮᠠᠷ ᠱᠠᠩᠨᠠᠯ ᠬᠢᠷᠲᠠᠪᠠᠢ︖
- ᠲᠠᠨ ᠤ ᠬᠡᠯᠡᠭᠰᠡᠨ ᠲᠠᠢ ᠰᠠᠨᠠᠯ ᠨᠡᠶᠢᠯᠡᠵᠦ ᠪᠠᠶᠢᠨᠠ᠃ ᠲᠦᠷᠦᠭᠦᠯᠡᠭᠰᠡᠨ ᠪᠠᠭᠰᠢ ᠳᠤ ᠠᠯᠲᠠᠨ ᠮᠧᠲᠠᠯᠢ᠂ ᠮᠥᠩᠭᠥᠨ ᠱᠠᠩᠨᠠᠯ, ᠡᠷᠳᠡᠮᠲᠡᠨ ᠰᠤᠳᠤᠯᠤᠭᠠᠴᠢᠳ ᠤᠨ ᠰᠤᠳᠤᠯᠭᠠ
ᠰᠢᠨᠵᠢᠯᠡᠭᠡᠨ ᠤ ᠪᠦᠲᠦᠭᠡᠯ ᠤᠳ ᠤᠨ ᠳᠡᠭᠡᠵᠢ ᠡᠴᠡ
ᠬᠢᠷᠲᠠᠭᠠᠭ᠍ᠰᠠᠨ᠃ ᠣᠯᠢᠮᠫᠢᠶᠠᠳ᠋ ᠤᠨ ᠨᠡᠭᠡᠭᠡᠯᠲᠡ ᠶᠢᠨ
ᠦᠶᠡ ᠪᠠᠷ ᠪᠣᠯᠪᠠᠰᠤᠷᠠᠯ ᠤᠨ ᠶᠡᠷᠦᠩᠬᠡᠢ ᠭᠠᠵᠠᠷ ᠤᠨ
ᠰᠤᠷᠭᠠᠯᠲᠠ ᠶᠢᠨ ᠬᠥᠲᠥᠯᠪᠦᠷᠢ ᠶᠢᠨ ᠭᠠᠷᠩᠵᠢᠯᠲᠠ᠂ ᠦᠨᠠᠯᠠᠭᠠᠨ ᠤ ᠬᠥᠭᠵᠢᠯ ᠤᠨ ᠭᠠᠵᠠᠷ ᠤᠨ ᠳᠠᠷᠤᠭᠠ ᠪᠠ᠂ ᡀᠠᠭᠪᠠᠪᠠᠶᠠᠷ
ᠤᠯᠤᠰ ᠤᠨ ᠣᠯᠢᠮᠫᠢᠶᠠᠳ᠋ ᠤᠨ ᠲᠥᠰᠥᠪ ᠬᠡᠮᠨᠡᠯᠲᠡ ᠶᠢᠨ ᠲᠤᠬᠠᠢ ᠬᠠᠤᠯᠢ ᠵᠡᠷᠭᠡ ᠡᠴᠡ ᠪᠣᠯᠵᠤ ᠲᠠᠨᠳᠨᠲᠭᠨᠰᠠᠨ ᠢ ᠲᠤᠷᠤ᠋ᠨᠴᠤ ᠪᠠᠶᠢᠭᠰᠠᠨ᠃ ᠱᠠᠩᠨᠠᠯ ᠤᠨ ᠮᠥᠩᠭᠥ ᠪᠠᠭᠰᠢ ᠨᠠᠷ ᠤᠨ ᠠᠬᠤᠢ ᠠᠮᠢᠳᠤᠷᠠᠯ ᠳᠤ ᠨᠡᠮᠡᠷᠢ ᠪᠣᠯᠬᠤ ᠠᠨᠤ ᠪᠠᠭᠠ. ᠭᠡᠬᠦ ᠳᠤ ᠪᠠᠨ ᠱᠠᠪᠢ ᠨᠠᠷ ᠳᠤ ᠪᠠᠨ ᠦᠯᠢᠭᠡᠷ ᠳᠠᠭᠤᠷᠢᠶᠠᠯᠠᠯ ᠪᠣᠯᠵᠤ, ᠰᠤᠷᠬᠤ ᠬᠦᠰᠡᠯ ᠲᠡᠮᠡᠦᠯᠦᠯ ᠢ ᠢᠨᠦ ᠪᠠᠳᠠᠷᠠᠭᠠᠵᠤ ᠪᠠᠶᠢᠭᠠ ᠠᠨᠤ ᠯᠠ ᠴᠢᠬᠤᠯᠠ ᠶᠤᠮ ᠳ᠋ᠠ᠃
- ᠤᠯᠤᠰ ᠤᠨ ᠣᠯᠢᠮᠫᠢᠶᠠᠳ᠋ ᠤᠨ ᠠᠭᠤᠯᠭᠠ ᠳᠤ
ᠦᠨᠳᠦᠰᠦᠨ ᠤ ᠪᠢᠴᠢᠭ ᠤᠨ ᠠᠵᠠᠯᠠᠬ ᠬᠤᠪᠢ ᠬᠡᠮᠵᠢᠶᠡ ᠶᠠᠮᠠᠷ ᠪᠠᠶᠢᠨᠠ ᠪᠤᠢ?
- 50 ᠤᠨᠤᠭᠠᠨ ᠤ 10 ᠠᠨᠤ ᠪᠤᠶᠤ ᠨᠡᠶᠢᠲᠡ
ᠳᠠᠭᠠᠭᠠᠯᠭᠠᠪᠤᠷᠢ ᠶᠢᠨ 20 ᠬᠤᠪᠢ ᠊ᠢᠢ ᠠᠨᠤ ᠦᠨᠳᠦᠰᠦᠨ ᠤ ᠪᠢᠴᠢᠭ ᠤᠨ ᠠᠭᠤᠯᠭᠠ ᠡᠵᠡᠯᠡᠳᠡᠭ. ᠥᠭᠭᠦᠭᠰᠡᠨ
ᠡᠬᠡ ᠊ᠢᠢ ᠬᠢᠷᠪᠠᠬᠯᠵᠤ᠂ ᠬᠢᠴᠢᠶᠡᠩᠭᠦᠢ ᠰᠠᠶᠢᠬᠠᠨ ᠪᠢᠴᠢᠬᠦ, ᠲᠥᠷᠥᠯ ᠪᠦᠷᠢ ᠶᠢᠨ ᠲᠢᠭ ᠊ᠢᠢᠠᠷ ᠪᠢᠴᠢᠭᠰᠡᠨ ᠡᠬᠡ ᠊ᠢᠢ
ᠤᠩᠰᠢᠬᠤ ᠭᠡᠬᠦ ᠮᠡᠲᠦ ᠳᠠᠭᠠᠭᠠᠯᠭᠠᠪᠤᠷᠢ ᠨᠤᠭᠤᠳ ᠪᠠᠶᠢᠳᠠᠭ. ᠡᠨᠡ ᠵᠢᠯ ᠡᠬᠡ ᠊ᠢᠢ ᠬᠢᠷᠪᠠᠬᠯᠵᠤ᠂ ᠬᠢᠴᠢᠶᠡᠩᠭᠦᠢ ᠰᠠᠶᠢᠬᠠᠨ
ᠪᠢᠴᠢᠬᠦ ᠳᠠᠭᠠᠭᠠᠯᠭᠠᠪᠤᠷᠢ ᠢᠷᠡᠭᠰᠡᠨ᠃
- ᠲᠠᠨ ᠤ ᠱᠠᠪᠢ ᠨᠠᠷ ᠡᠴᠡ ᠮᠣᠩᠭᠣᠯ ᠬᠡᠯᠡ,
ᠪᠢᠴᠢᠭ ᠤᠨ ᠬᠢᠴᠢᠶᠡᠯ ᠳᠤ ᠪᠠᠨ᠂ ᠤᠷᠤᠯᠳᠤᠭᠠᠨ
ᠨᠠᠭᠠᠳᠤᠮ ᠤᠳ ᠳᠤ ᠣᠨᠴᠣᠭᠣᠢ ᠠᠮᠵᠢᠯᠲᠠ ᠭᠠᠷᠭᠠᠭᠰᠠᠨ
ᠰᠤᠷᠳᠨᠴᠢᠳ ᠪᠠᠶᠢᠭᠠ ᠤᠤ?
- ᠮᠢᠨᠦ ᠱᠠᠪᠢ ᠪᠠ᠂ ᠣᠶᠤᠨᠵᠢᠷᠭᠠᠯ 2021, 2022 ᠣᠨ ᠳᠤ
︽ ᠮᠣᠩᠭᠣᠯ ᠤᠨ ᠰᠠᠶᠢᠬᠠᠨ ᠪᠢᠴᠢᠭᠲᠠᠨ ︾ ᠤ, ᠤ, ᠤᠷᠤᠯᠳᠤᠭᠠᠨ ᠳᠤ
ᠨᠡᠷᠡᠮᠵᠢᠲᠦ ᠱᠠᠩᠨᠠᠯ, 2024 ᠣᠨ ᠳᠤ ᠱᠠᠪᠢ ᠪ, ᠲᠡᠷᠭᠡᠯ ᠲᠣᠰ
ᠤᠷᠤᠯᠳᠤᠭᠠᠨ ᠤ ᠰᠤᠷᠳᠨᠴᠢᠳ ᠤᠨ ᠠᠩᠭᠢᠯᠠᠯ ᠳᠤ ᠲᠤᠰᠬᠠᠢ ᠪᠠᠶᠢᠷᠢ
ᠡᠵᠡᠯᠡᠭᠰᠡᠨ. ᠮᠥᠨ ᠱᠠᠪᠢ ᠰ, ᠪᠠᠲᠤᠮᠡᠨᠳᠦ ᠮᠠᠨᠢ ᠦᠨᠳᠦᠰᠦᠨ ᠤ
ᠪᠢᠴᠢᠭ ᠤᠨ ᠣᠯᠢᠮᠫᠢᠶᠠᠳ᠋ ᠳᠤ ᠠᠶᠢᠮᠠᠭ ᠳᠤ ᠪᠠᠨ ᠭᠤᠷᠪᠠᠳᠤᠭᠠᠷ ᠪᠠᠶᠢᠷᠢ ᠡᠵᠠᠯᠠᠵᠤ ᠪᠠᠶᠢᠯᠠ.
- ᠵᠠᠪᠬᠠᠨ ᠠᠶᠢᠮᠠᠭ ᠡᠬᠡ ᠬᠡᠯᠡ, ᠪᠢᠴᠢᠭ ᠤᠨ ᠰᠤᠷᠭᠠᠯᠲᠠ ᠶᠢᠨ
ᠲᠦᠪᠰᠢᠨ ᠊ᠢᠢᠠᠷ ᠶᠢᠨ ᠤᠯᠤᠰ ᠤᠨ ᠬᠡᠮᠵᠢᠶᠡᠨ ᠳᠤ ᠬᠠᠮᠢᠭᠠ
ᠶᠠᠪᠤᠳᠠᠭ ᠪᠤᠢ?
- ᠰᠤᠷᠭᠠᠯᠲᠠ ᠶᠢᠨ ᠲᠦᠪᠰᠢᠨ ᠢ ᠣᠯᠠᠨ ᠲᠠᠯᠠ ᠶᠢᠨ ᠦᠵᠡᠭᠦᠯᠦᠯᠲᠡ ᠪᠠᠷ ᠳ᠋ᠦᠩᠨᠠᠵᠤ ᠪᠣᠯᠬᠤ ᠶᠤᠮ᠃ ᠤᠯᠤᠰ ᠤᠨ ᠬᠡᠮᠵᠢᠶᠡᠨ ᠳᠤ ᠠᠶᠢᠮᠠᠭ, ᠰᠤᠷᠭᠠᠭᠤᠯᠢ ᠨᠤᠭᠤᠳ ᠢ ᠡᠯᠰᠡᠯᠲᠡ ᠶᠢᠨ ᠰᠢᠯᠭᠠᠯᠲᠠ ᠶᠢᠨ ᠳ᠋ᠦᠩ ᠣᠨᠣᠭᠠ ᠪᠠᠷ ᠵᠢᠭᠰᠠᠭᠠᠨ ᠪᠠᠶᠢᠷᠢ ᠡᠵᠠᠯᠠᠬᠯᠲᠩ᠃ ᠡᠨᠡ ᠲᠠᠯᠠ ᠡᠴᠡ ᠠᠨᠤ ᠬᠠᠷᠠᠪᠠᠯ, ᠬᠥᠯ ᠬᠤᠷᠢᠭᠠᠨ ᠤ ᠡᠮᠳᠨᠭᠢ ᠵᠢᠯ ᠤᠳ ᠳᠤ ᠮᠠᠨ ᠤ ᠠᠶᠢᠮᠠᠭ ᠤᠨ ᠡᠬᠡ ᠬᠡᠯᠡ ᠪᠢᠴᠢᠭ ᠤᠨ
ᠰᠤᠷᠭᠠᠯᠲᠠ ᠶᠢᠨ ᠲᠦᠪᠰᠢᠨ ᠤᠯᠤᠰ ᠤᠨ ᠲᠤᠮᠲᠠᠵᠢ ᠲᠠᠢ ᠣᠢᠢᠷᠠᠯᠴᠠᠭᠠ
ᠪᠠᠶᠢᠭᠰᠠᠨ ᠪᠣᠯ ᠰᠡᠭᠦᠯ ᠤᠨ ᠵᠢᠯ ᠤᠳ ᠳᠤ ᠪᠠᠶᠢᠷᠢ ᠪᠠᠨ ᠠᠬᠢᠭᠤᠯᠵᠤ,
ᠤᠯᠤᠰ ᠤᠨ ᠲᠤᠮᠲᠠᠵᠢ ᠡᠴᠡ ᠳᠡᠭᠡᠭᠦᠷ ᠦᠨᠠᠯᠩᠲᠠᠵᠤ ᠪᠠᠶᠢᠭᠠ. ᠡᠨᠡ ᠢᠨᠦ ᠡᠮᠳᠨᠭᠢ ᠪᠠᠶᠢᠷᠢ ᠪᠠᠨ ᠠᠬᠢᠭᠤᠯᠬᠤ ᠶᠢᠨ ᠲᠥᠯᠥᠭᠡ ᠠᠶᠢᠮᠠᠭ ᠣᠷᠣᠨ
ᠨᠤᠲᠤᠭ ᠡᠴᠡ ᠱᠠᠲᠤ ᠳᠠᠷᠠᠭᠠ ᠲᠠᠢ ᠠᠵᠢᠯ ᠤᠳ ᠢ ᠬᠡᠷᠡᠭᠵᠢᠭᠦᠯᠵᠦ, ᠪᠠᠭᠰᠢ ᠨᠠᠷ ᠴᠤ ᠭᠠᠴᠢᠶᠠᠨ ᠵᠢᠳᠬᠦᠵᠦ ᠪᠠᠶᠢᠭᠠ ᠶᠢᠨ ᠦᠷᠡ ᠳ᠋ᠦᠩ ᠪᠣᠯᠪᠠ ᠤᠤ ᠭᠡᠵᠦ ᠪᠣᠳᠣᠵᠤ ᠪᠠᠶᠢᠨᠠ᠃ ᠨᠢᠳᠤᠨᠤᠨ ᠯᠠ ᠭᠡᠬᠦ ᠳᠤ ᠬᠣᠶᠠᠷ ᠰᠤᠷᠤᠭᠴᠢ 800
ᠣᠨᠣᠭᠠ ᠠᠪᠤᠭᠰᠠᠨ. ᠰᠤᠷᠭᠠᠯᠲᠠ ᠶᠢᠨ ᠴᠢᠨᠠᠷ ᠪᠣᠯ ᠣᠷᠣᠨ ᠨᠤᠲᠤᠭ ᠤᠨ ᠵᠠᠰᠠᠭ ᠵᠠᠬᠢᠷᠭᠠ, ᠡᠴᠢᠭᠡ ᠡᠬᠡ ᠶᠢᠨ ᠳᠡᠮᠵᠢᠯᠭᠡ, ᠲᠤᠬᠠᠢ ᠶᠢᠨ ᠣᠨ ᠤ
ᠰᠤᠷᠳᠨᠴᠢᠳ ᠤᠨ ᠲᠦᠪᠰᠢᠨ ᠭᠡᠬᠦ ᠮᠡᠲᠦ ᠣᠯᠠᠨ ᠬᠦᠴᠦᠨ ᠵᠦᠢᠯ ᠡᠴᠡ
ᠰᠢᠯᠲᠠᠭᠠᠯᠠᠵᠤ ᠪᠠᠶᠢᠨᠠ ᠯᠠ ᠳ᠋ᠠ᠃
- ᠦᠨᠳᠦᠰᠦᠨ ᠤ ᠪᠢᠴᠢᠭ ᠶᠢᠨ ᠵᠢᠭᠠᠵᠤ ᠰᠤᠷᠭᠠᠬᠤ ᠲᠠᠯᠠ ᠪᠠᠷ
ᠲᠠᠨ ᠤ ᠪᠠᠷᠢᠮᠲᠠᠯᠠᠲᠠᠭ ᠭᠣᠣᠯ ᠠᠷᠭᠠ ᠵᠦᠢ ᠶᠠᠭᠤ ᠪᠤᠢ?
- ᠲᠤᠬᠠᠢ ᠶᠢᠨ ᠬᠢᠴᠢᠶᠡᠯ ᠢ ᠵᠢᠭᠠᠬᠤ ᠦᠷᠡ ᠦᠭᠬᠭᠠᠵᠢᠲᠠᠢ
ᠠᠷᠭᠠ ᠊ᠢᠢ ᠣᠯᠠᠨ ᠶᠠᠩᠵᠤ ᠶᠢᠨ ᠲᠤᠷᠰᠢᠯᠲᠠ ᠶᠢᠨ ᠳ᠋ᠦᠩ ᠳᠤ ᠯᠠ ᠪᠤᠢ ᠪᠣᠯᠭᠠᠳᠠᠭ ᠪᠣᠯᠪᠠ ᠤᠤ ᠭᠡᠵᠦ ᠪᠣᠳᠣᠳᠠᠭ. ᠮᠢᠨᠦ ᠠᠵᠢᠭᠯᠭᠨᠰᠠᠨ ᠊ᠢᠢᠠᠷ, ᠶᠠᠮᠠᠷ ᠦᠷᠡ ᠳ᠋ᠦᠩ ᠳᠣ᠋, ᠬᠡᠳᠦᠢ ᠬᠤᠭᠤᠴᠠᠭᠠᠨ ᠳᠤ ᠬᠦᠷᠬᠦ ᠢᠨᠦ
ᠰᠤᠷᠳᠨᠴᠢᠳ ᠳᠤ ᠲᠣᠳᠣᠷᠬᠠᠢ ᠪᠠᠶᠢᠪᠠᠯ, ᠮᠥᠨ ᠲᠡᠳᠡᠨ ᠤ ᠰᠣᠨᠢᠷᠬᠠᠯ ᠳᠤ ᠲᠤᠯᠭᠠᠭᠤᠷᠢᠯᠠᠪᠠᠯ ᠦᠷᠡ ᠳ᠋ᠦᠩ ᠲᠠᠢ ᠶᠤᠮ ᠪᠢᠯᠡ.
ᠪᠢ ᠬᠢᠴᠢᠶᠡᠯ ᠶᠢᠨ ᠠᠯᠢ ᠪᠣᠯᠬᠤ ᠰᠤᠷᠳᠨᠴᠢᠳ ᠳᠤ ᠰᠣᠨᠢᠷᠬᠠᠯᠲᠠᠢ
ᠪᠠᠶᠢᠬᠤ, ᠨᠢᠭᠡ ᠴᠤ ᠭᠡᠰᠡᠨ ᠰᠢᠨᠡ ᠵᠦᠢᠯ ᠢ ᠲᠡᠷᠡ ᠬᠢᠴᠢᠶᠡᠯ ᠡᠴᠡ
ᠰᠣᠨᠣᠰᠤᠭᠠᠳ ᠭᠠᠷᠬᠤ, ᠡᠰᠡᠪᠡᠯ ᠳᠠᠷᠠᠭᠠ ᠠᠨᠤ ᠥᠪᠡᠷ ᠶᠢᠨ ᠪᠡᠶᠡ
ᠲᠠᠭᠠᠭᠠᠨ ᠰᠤᠳᠤᠯᠬᠤ ᠰᠣᠨᠢᠷᠬᠠᠯ ᠲᠦᠷᠤᠬᠯᠬᠢᠢᠴᠠ ᠪᠠᠶᠢᠬᠤ ᠪᠠᠷ ᠲᠦᠯᠤᠪᠯᠠᠲᠩ᠃ ᠬᠢᠴᠢᠶᠡᠯ ᠤᠨ ᠵᠢᠯ ᠤᠨ ᠲᠤᠷᠰᠢ ᠬᠣᠣᠰ ᠤᠨ
ᠠᠷᠭᠠ ᠪᠠᠷ ᠠᠵᠢᠯᠯᠠᠭᠤᠯᠲᠠᠭ᠃ ᠢᠩᠭᠢᠭᠰᠠᠨ ᠊ᠢᠢᠠᠷ ᠬᠡᠦᠬᠡᠳ ᠤᠳ ᠨᠢᠭᠡ ᠨᠢᠭᠡᠨ ᠡᠴᠡ ᠪᠠᠨ ᠰᠤᠷᠤᠯᠴᠠᠵᠤ, ᠵᠥᠪ ᠰᠢᠳᠤᠷᠭᠤ ᠤᠩᠰᠢᠬᠤ, ᠬᠢᠴᠢᠶᠡᠩᠭᠦᠢ ᠰᠠᠶᠢᠬᠠᠨ ᠪᠢᠴᠢᠬᠦ ᠴᠢᠳᠠᠪᠤᠷᠢ ᠠᠨᠤ ᠵᠡᠷᠭᠡ ᠬᠢᠭᠵᠢᠲᠩ᠃
- ᠪᠠᠶᠠᠷᠯᠠᠯᠠ. ᠲᠠᠨ ᠤ ᠴᠢᠨᠠᠭᠰᠢᠳᠠ ᠶᠢᠨ ᠠᠵᠢᠯ, ᠬᠥᠳᠡᠯᠮᠦᠷᠢ ᠳᠤ ᠠᠮᠵᠢᠯᠲᠠ ᠬᠦᠰᠡᠶᠡ.
ᠶᠠᠷᠢᠯᠴᠭᠨᠰᠠᠨ ᠪᠠ᠂ ᠭᠠᠷᠮᠠ





