︽ ᠮᠣᠩᠭᠣᠯ ᠤᠨ ᠰᠠᠶᠢᠬᠠᠨ ᠪᠢᠴᠢᠭᠲᠠᠨ -
2024 ︾ ᠣᠯᠠᠨ ᠤᠯᠤᠰ ᠤᠨ ᠤᠷᠤᠯᠳᠤᠭᠠᠨ ᠤ
ᠮᠡᠷᠭᠡᠵᠢᠯ ᠤᠨ ᠪᠠᠭᠰᠢ ᠨᠠᠷ ᠤᠨ ᠠᠩᠭᠢᠯᠠᠯ ᠳᠤ ᠲᠡᠷᠢᠭᠦᠨ ᠪᠠᠶᠢᠷᠢ ᠡᠵᠡᠯᠡᠭᠰᠡᠨ, ᠬᠥᠪᠰᠥᠭᠥᠯ ᠠᠶᠢᠮᠠᠭ ᠤᠨ ᠮᠥᠷᠡᠨ
ᠰᠤᠮᠤ ᠶᠢᠨ ᠶᠡᠷᠦᠩᠬᠡᠢ ᠪᠣᠯᠪᠠᠰᠤᠷᠠᠯ ᠤᠨ ︽ ᠳᠡᠯᠭᠡᠷᠮᠦ᠋ᠷᠡᠨ ︾ ᠰᠤᠷᠭᠠᠭᠤᠯᠢ ᠶᠢᠨ ᠮᠦ, ᠭᠠ᠂ ᠪᠢ᠂ ᠤ, ᠵᠣᠬᠢᠶᠠᠯ ᠤᠨ
ᠪᠠᠭᠰᠢ ᠪᠠ᠂ ᠰᠦᠯᠳᠡᠪᠠᠶᠠᠷ ᠲᠠᠢ ᠶᠠᠷᠢᠯᠴᠠᠯᠠ.
- ᠡᠨᠡ ᠵᠢᠯ ᠤᠨ ᠤᠷᠤᠯᠳᠤᠭᠠᠨ ᠳᠤ
ᠠᠮᠵᠢᠯᠲᠠ ᠲᠠᠢ ᠣᠷᠣᠯᠴᠠᠭᠰᠠᠨ ᠳᠤ ᠪᠠᠶᠠᠷ ᠬᠦᠷᠭᠡᠶᠡ. ᠲᠠᠨ ᠤ ᠪᠦᠲᠦᠭᠡᠯ ᠤᠨ ᠣᠨᠴᠠᠯᠢᠭ ᠤᠨ ᠲᠠᠯᠠ ᠪᠠᠷ
ᠶᠠᠷᠢᠶᠠ ᠪᠠᠨ ᠡᠭᠠᠯᠠᠶᠠ᠃
- ᠪᠠᠶᠠᠷᠯᠠᠯᠠ. ᠪᠢ ᠮᠣᠩᠭᠣᠯ ᠪᠢᠴᠢᠭ ᠢ
ᠵᠢᠷᠭᠤᠳᠤᠭᠠᠷ ᠠᠩᠭᠢ ᠡᠴᠡ ᠪᠠᠨ ᠮᠦ, ᠤ, ᠭᠠᠪᠢᠶᠠᠲᠤ ᠪᠠᠭᠰᠢ ᠭᠤ᠋᠂ ᠴᠡᠳᠡᠨᠳᠠᠮᠪᠠ ᠪᠠᠭᠰᠢ ᠪᠠᠷ ᠶᠢᠨ ᠵᠢᠭᠠᠯᠭᠠᠵᠤ ᠰᠤᠷᠴᠤ ᠡᠬᠢᠯᠡᠭᠰᠡᠨ. ᠮᠥᠨ ᠮᠣᠩᠭᠣᠯ ᠤᠯᠤᠰ ᠤᠨ ᠲᠡᠷᠢᠭᠦᠯᠡᠬᠦ ᠪᠠᠭᠰᠢ ᠫᠤᠢ, ᠲᠦᠪᠰᠢᠨᠪᠠᠶᠠᠷ ᠪᠠᠭᠰᠢ ᠨᠠᠳᠤᠷ ᠮᠣᠩᠭᠣᠯ
ᠪᠢᠴᠢᠭ ᠤᠨ ᠬᠢᠴᠢᠶᠡᠯ ᠵᠢᠭᠠᠵᠤ ᠪᠠᠶᠢᠭᠰᠠᠨ᠃ ᠪᠠᠬᠠᠷᠬᠠᠯ ᠪᠣᠯᠤᠭᠰᠠᠨ ᠪᠠᠭᠰᠢ ᠨᠠᠷ ᠊ᠢᠢᠠᠷ ᠶᠢᠨ ᠡᠬᠡ ᠬᠡᠯᠡ, ᠪᠢᠴᠢᠭ ᠶᠢᠨ
ᠵᠢᠭᠠᠯᠭᠭᠨᠰᠠᠨ ᠡᠴᠡ ᠬᠣᠶᠢᠰᠢ ᠥᠪᠡᠷ ᠢ ᠪᠠᠨ ᠳᠠᠶᠢᠴᠢᠯᠠᠨ ᠢᠯᠡᠭᠦᠦ ᠶᠡᠬᠡ ᠊ᠢᠢ ᠰᠤᠷᠴᠤ ᠮᠡᠳᠡᠬᠦ ᠪᠠᠷ ᠰᠤᠳᠤᠯᠵᠤ,
ᠰᠤᠷᠤᠯᠴᠭᠨᠰᠠᠭᠠᠷ ᠶᠠᠪᠤᠨᠠ.
ᠡᠨᠡ ᠵᠢᠯ ᠪᠢ ᠢᠰᠡᠭᠡᠢ ᠤᠷᠠᠯᠠᠯ ᠲᠠᠢ
ᠦᠨᠳᠦᠰᠦᠨ ᠤ ᠪᠢᠴᠢᠭ ᠢ ᠬᠣᠯᠪᠣᠵᠤ ᠨᠢᠭᠡ ᠮᠧᠲ᠋ᠧᠷ᠄ 60
ᠰᠮ ᠤᠨ ᠬᠡᠮᠵᠢᠶᠡ ᠲᠠᠢ ᠪᠦᠲᠦᠭᠡᠯ ᠲᠤᠭᠤᠷᠪᠢᠭᠰᠠᠨ᠃
ᠬᠥᠳᠡᠯᠮᠦᠷᠢ ᠶᠢᠨ ᠪᠠᠭᠠᠲᠤᠷ ᠳᠣᠢ, ᠳᠠᠰᠢᠴᠡᠳᠡᠨ
ᠪᠠᠭᠰᠢ ᠶᠢᠨ ᠬᠢᠴᠢᠶᠡᠩᠭᠦᠢ ᠪᠢᠴᠢᠭ ᠤᠨ ᠲᠢᠭ ᠰᠤᠷᠭᠠᠭᠤᠯᠢ ᠬᠡᠮᠡᠭᠰᠡᠨ ᠰᠡᠳᠦᠪ ᠊ᠢᠢᠠᠷ ᠪᠢᠴᠢᠵᠦ ᠣᠷᠣᠯᠴᠠᠭᠰᠠᠨ.
- ᠲᠠᠨ ᠤ ᠬᠤᠪᠢ ᠳᠤ ᠮᠣᠩᠭᠣᠯ
ᠪᠢᠴᠢᠭ ᠊ᠢᠢᠠᠷ ᠬᠢᠴᠢᠶᠡᠩᠭᠦᠢ ᠰᠠᠶᠢᠬᠠᠨ ᠪᠢᠴᠢᠳᠡᠭ
ᠰᠢᠦ ᠳ᠋ᠠ᠃ ᠬᠢᠴᠢᠶᠡᠩᠭᠦᠢ ᠪᠢᠴᠢᠭ ᠤᠨ ᠣᠨᠴᠠᠯᠢᠭ ᠶᠠᠭᠤ ᠪᠤᠢ?
- ᠮᠢᠨᠦ ᠬᠢᠴᠢᠶᠡᠩᠭᠦᠢ ᠰᠠᠶᠢᠬᠠᠨ ᠪᠢᠴᠢᠬᠦ
ᠵᠠᠮ ᠢ ᠨᠡᠭᠡᠭᠡᠵᠦ ᠥᠭᠭᠦᠭᠰᠡᠨ ᠪᠠ᠂ ᠴᠣᠭᠵᠢᠷᠭᠠᠯ
ᠪᠠᠭᠰᠢ ᠳᠤ ᠪᠠᠨ ᠪᠠᠶᠠᠷᠯᠠᠵᠤ ᠶᠠᠪᠤᠳᠠᠭ. ᠬᠢᠴᠢᠶᠡᠩᠭᠦᠢ ᠪᠢᠴᠢᠭ ᠮᠠᠰᠢ ᠰᠠᠶᠢᠬᠠᠨ ᠲᠠᠶᠢᠪᠤᠰᠢᠷᠠᠯ ᠢ ᠥᠭᠳᠡᠭ ᠪᠥᠭᠡᠳ ᠪᠢᠰᠢᠯᠭᠠᠯ ᠪᠣᠯᠳᠠᠭ. ᠦᠨᠳᠦᠰᠦᠨ ᠤ ᠪᠢᠴᠢᠭ ᠊ᠢᠢᠠᠷ ᠪᠢᠴᠢᠭᠡᠳ ᠬᠡᠰᠡᠭ ᠰᠠᠭᠤᠬᠤ ᠳᠤ ᠰᠡᠳᠬᠢᠯ ᠰᠠᠨᠠᠭᠠ ᠦᠨᠡᠬᠡᠷ ᠰᠠᠶᠢᠬᠠᠨ, ᠠᠮᠤᠷ ᠠᠮᠤᠭᠤᠯᠠᠩ ᠪᠣᠯᠳᠠᠭ. ᠮᠣᠩᠭᠣᠯ ᠪᠢᠴᠢᠭ ᠪᠣᠯ ᠶᠠᠭᠠᠬᠢᠵᠦ, ᠬᠡᠷᠬᠢᠨ ᠪᠢᠴᠢᠬᠦ ᠪᠤᠢ ᠭᠡᠵᠦ ᠦᠷᠭᠦᠯᠵᠢ ᠪᠣᠳᠣᠭᠳᠠᠭᠤᠯᠵᠤ, ᠬᠦᠮᠦᠨ ᠤ ᠣᠶᠤᠨ ᠲᠠᠷᠢᠬᠢ ᠊ᠢᠢ ᠠᠵᠢᠯᠯᠠᠭᠤᠯᠵᠤ, ᠬᠢᠭᠵᠢᠬᠯᠵᠤ ᠪᠠᠶᠢᠳᠠᠭ ᠪᠢᠴᠢᠭ ᠶᠤᠮ᠃
- ᠱᠠᠪᠢ ᠨᠠᠷ ᠳᠤ ᠪᠠᠨ
ᠬᠢᠴᠢᠶᠡᠩᠭᠦᠢ ᠪᠢᠴᠢᠬᠦ ᠶᠢᠨ ᠲᠤᠯᠠᠳᠠ ᠶᠠᠭᠤ ᠊ᠢᠢ ᠢᠯᠡᠭᠦᠦ ᠵᠢᠭᠠᠵᠤ ᠵᠦᠪᠯᠠᠲᠩ ᠪᠤᠢ?
- ᠡᠬᠢᠯᠡᠭᠡᠳ ᠬᠡᠦᠬᠡᠳ ᠤᠳ ᠳᠤ ᠪᠠᠨ ᠠᠵᠢᠭᠯᠠᠵᠤ᠂ ᠬᠠᠷᠢᠴᠠᠭᠤᠯᠵᠤ᠂ ᠠᠩᠬᠠᠷᠤᠯ ᠶᠢᠨ ᠰᠠᠶᠢᠨ ᠲᠥᠪᠯᠡᠷᠡᠭᠦᠯᠬᠦ ᠊ᠢᠢ ᠵᠦᠪᠯᠠᠲᠩ᠃
ᠤᠴᠢᠷ ᠦᠭᠡᠢ ᠣᠯᠠᠨ ᠬᠠᠭᠤᠳᠠᠰᠤ
ᠪᠢᠴᠢᠬᠦ ᠡᠴᠡ ᠪᠠᠨ ᠢᠯᠡᠭᠦᠦ, ᠵᠦᠢ ᠲᠣᠭᠲᠠᠯ ᠠᠨᠤ ᠬᠠᠮᠢᠭᠠ ᠪᠠᠢᠨᠠ, ᠶᠠᠭᠠᠬᠢᠵᠦ ᠡᠬᠢᠯᠡᠭᠡᠳ,
ᠬᠠᠮᠢᠭᠠ ᠳᠠᠭᠤᠰᠴᠤ ᠪᠠᠶᠢᠨᠠ ᠭᠡᠳᠡᠭ ᠢ ᠮᠠᠰᠢ ᠰᠠᠶᠢᠨ ᠠᠵᠢᠭᠯᠠᠬᠤ ᠠᠨᠤ ᠴᠢᠬᠤᠯᠠ. ᠮᠣᠩᠭᠣᠯ
ᠪᠢᠴᠢᠭ ᠢ ᠰᠤᠷᠬᠤ ᠳᠤ ᠬᠡᠴᠡᠭᠦᠦ᠂ ᠥᠨᠳᠥᠷ ᠳᠠᠪᠠᠭᠠ, ᠥᠭᠰᠥᠭᠦᠷ ᠵᠠᠮ ᠭᠡᠵᠦ ᠬᠠᠷᠠᠯ ᠦᠭᠡᠢ ᠢᠯᠡᠭᠦᠦ ᠶᠡᠬᠡ ᠪᠠᠷ ᠬᠢᠴᠢᠶᠡᠨ ᠰᠤᠷᠤᠯᠴᠠᠭᠠᠷᠠᠢ ᠭᠡᠵᠦ ᠱᠠᠪᠢ ᠨᠠᠷ ᠳᠤ ᠪᠠᠨ ᠬᠡᠯᠡᠬᠦ ᠳᠤᠷᠠᠲᠠᠢ.
- ᠮᠣᠩᠭᠣᠯ ᠪᠢᠴᠢᠭ ᠠᠩᠬᠠᠯᠠᠨ ᠰᠤᠷᠤᠯᠴᠭᠨᠴᠢᠳ ᠳᠤ ᠶᠠᠭᠤ ᠵᠥᠪᠯᠡᠬᠦ ᠪᠤᠢ?
- ᠡᠳᠦᠷ ᠪᠦᠷᠢ ᠬᠢᠴᠢᠶᠡᠭᠡᠳ, ᠪᠢᠴᠢᠭᠡᠳ, ᠡᠳᠦᠷ ᠪᠦᠷᠢ ᠤᠩᠰᠢᠭᠠᠳ ᠪᠠᠶᠢᠪᠠᠯ ᠢᠯᠡᠭᠦᠦ ᠶᠡᠬᠡ ᠰᠢ᠋ᠢᠵᠢᠷᠠᠨᠠ ᠰᠢᠦ ᠳ᠋ᠠ᠃
ᠳᠡᠭᠡᠷᠡ ᠡᠴᠡ ᠳᠣᠷᠣᠭᠰᠢ
ᠪᠢᠴᠢᠭᠲᠠᠲᠩ᠂ ᠲᠩᠷᠢ ᠡᠴᠡ ᠬᠤᠷᠠ ᠪᠣᠷᠤᠭᠠ ᠤᠷᠤᠬᠤ ᠶᠢᠨ ᠪᠡᠯᠭᠡᠳᠡᠯ ᠪᠣᠯᠤᠭᠰᠠᠨ ᠪᠣᠰᠤᠭᠠ
ᠵᠠᠶᠠᠭᠠ ᠲᠠᠢ ᠪᠢᠴᠢᠭ ᠊ᠢᠢᠠᠷ ᠶᠢᠨ ᠪᠢᠴᠢᠬᠦ
ᠪᠣᠯᠭᠠᠨ ᠳᠤ ᠪᠠᠨ ᠮᠣᠩᠭᠣᠯ ᠥᠪ
ᠰᠤᠶᠤᠯ ᠊ᠢᠢᠠᠷ ᠶᠢᠨ ᠪᠠᠬᠠᠷᠬᠠᠳᠠᠭ. ᠰᠡᠳᠬᠢᠯ ᠶᠢᠨ ᠰᠢᠩᠭᠡᠭᠡᠵᠦ ᠮᠣᠩᠭᠣᠯ ᠥᠪ ᠰᠤᠶᠤᠯ ᠶᠢᠨ
ᠳᠡᠭᠡᠳᠦᠯᠡᠨ ᠪᠢᠴᠢᠵᠦ ᠪᠠᠶᠢᠭᠠ ᠬᠦᠮᠦᠨ ᠮᠣᠩᠭᠣᠯ ᠪᠢᠴᠢᠭ ᠊ᠢᠢᠠᠷ ᠶᠢᠨ ᠬᠡᠵᠢᠶᠡ ᠴᠤ ᠮᠠᠭᠤᠬᠠᠢ ᠪᠢᠴᠢᠬᠦ ᠦᠭᠡᠢ ᠰᠢᠦ ᠳ᠋ᠠ᠃
- ᠲᠠᠲᠠᠯᠭᠠᠨ ᠪᠢᠴᠢᠭ ᠤᠨ
ᠣᠨᠴᠠᠯᠢᠭ ᠶᠠᠭᠤ ᠪᠤᠢ?
- ᠪᠢ ᠦᠨᠳᠦᠰᠦᠨ ᠤ ᠪᠢᠴᠢᠭ ᠤᠨ ᠪᠦᠬᠦ ᠲᠥᠷᠥᠯ ᠊ᠢᠢᠠᠷ ᠪᠢᠴᠢᠬᠦ ᠊ᠢᠢ
ᠡᠷᠠᠮᠠᠯᠵᠠᠲᠩ᠃ ᠪᠢᠷ ᠤᠨ ᠲᠢᠭ᠂ ᠤᠭᠠᠯᠵᠠᠨ ᠡᠪᠬᠡᠮᠡᠯ, ᠳᠥᠷᠪᠡᠯᠵᠢᠨ ᠡᠪᠬᠡᠮᠡᠯ, ᠲᠠᠲᠠᠯᠭᠠᠨ ᠪᠢᠴᠢᠭ, ᠮᠣᠳᠣᠨ ᠪᠠᠷ ᠤᠨ ᠲᠢᠭ ᠪᠤᠶᠤ ᠬᠤᠯᠤᠰᠤᠨ ᠦᠵᠦᠭ ᠤᠨ ᠲᠢᠭ ᠊ᠢᠢᠠᠷ ᠪᠢᠴᠢᠳᠡᠭ.
ᠡᠳᠡᠭᠡᠷ ᠡᠴᠡ ᠲᠠᠲᠠᠯᠭᠠᠨ ᠪᠢᠴᠢᠭ ᠊ᠢᠢᠠᠷ ᠪᠢᠴᠢᠬᠦ ᠮᠠᠰᠢ ᠶᠡᠬᠡ ᠳᠤᠷᠠᠲᠠᠢ. ᠥᠪᠡᠷ ᠡᠴᠡ ᠮᠠᠰᠢ ᠶᠡᠬᠡ ᠤᠷᠠ ᠴᠢᠳᠠᠪᠤᠷᠢ ᠱᠠᠭᠠᠷᠲᠠᠲᠠᠭ ᠭᠡᠳᠡᠭ. 2024 ᠣᠨ ᠤ ︽ ᠰᠦᠶᠠᠭᠠᠷ ︾ ᠤᠷᠤᠯᠳᠤᠭᠠᠨ ᠳᠤ ᠲᠠᠲᠠᠯᠭᠠᠨ ᠪᠢᠴᠢᠭ ᠊ᠢᠢᠠᠷ ᠶᠢᠨ ᠣᠷᠣᠯᠴᠠᠵᠤ ᠳᠡᠳ᠋ ᠪᠠᠶᠢᠷᠢ ᠡᠵᠡᠯᠡᠭᠰᠡᠨ.
- ᠥᠨᠥ ᠵᠢᠯ ︽ ᠮᠣᠩᠭᠣᠯ ᠤᠨ ᠰᠠᠶᠢᠬᠠᠨ ᠪᠢᠴᠢᠭᠲᠠᠨ - 2024 ︾ ᠣᠯᠠᠨ ᠤᠯᠤᠰ ᠤᠨ ᠤᠷᠤᠯᠳᠤᠭᠠᠨ ᠳᠤ ᠬᠦᠦ ᠪᠠᠨ ᠪᠠᠰᠠ ᠪᠡᠯᠡᠳᠬᠡᠵᠦ ᠤᠷᠤᠯᠴᠠᠭᠤᠯᠳᠨᠰᠠᠨ ᠰᠢᠦ ᠳ᠋ᠠ᠃ ᠬᠢᠷᠢ
ᠬᠤᠭᠤᠴᠠᠭᠠᠨ ᠳᠤ ᠪᠡᠯᠡᠳᠬᠡᠭᠰᠡᠨ ᠪᠤᠢ?
- ᠮᠠᠨ ᠤ ᠬᠦᠦ ᠊ᠢᠢ ᠵᠠ᠂ ᠠᠨᠠᠨᠳᠠ ᠭᠡᠳᠡᠭ. ︽ ᠳᠡᠯᠭᠡᠷᠮᠦ᠋ᠷᠡᠨ ︾ ᠰᠤᠷᠭᠠᠭᠤᠯᠢ ᠶᠢᠨ
ᠠ᠂ ᠳᠠᠷᠢᠰᠦ᠋ᠷᠦᠩ ᠪᠠᠭᠰᠢ ᠲᠠᠢ ᠳᠥᠷᠪᠡ ᠶᠢᠨ ︽ ᠳ᠋ᠠ ︾ ᠠᠩᠭᠢ ᠳᠤ ᠰᠤᠷᠲᠠᠭ᠃ ᠬᠦᠦ ᠪᠠᠨ ᠬᠣᠶᠠᠳᠤᠭᠠᠷ
ᠠᠩᠭᠢ ᠳᠤ ᠪᠠᠶᠢᠬᠤ ᠳᠤ ᠠᠨᠤ ᠮᠣᠩᠭᠣᠯ ᠪᠢᠴᠢᠭ ᠊ᠢᠢᠠᠷ ᠪᠢᠴᠢᠬᠯᠵᠤ ᠦᠵᠡᠭᠰᠡᠨ. ᠶᠡᠬᠡ ᠠᠶᠠᠲᠢ᠋ᠢᠭᠨ ᠪᠢᠴᠢᠵᠦ ᠪᠠᠶᠢᠬᠤ ᠪᠠᠷ ᠠᠨᠤ ᠵᠢᠭᠠᠬᠠᠨ ᠪᠢᠴᠢᠬᠯᠵᠤ ᠪᠠᠶᠢᠭᠠᠳ, ᠦᠶᠡ ᠳᠠᠩ ᠤᠨ ᠬᠢᠨ ᠲᠠᠢ ᠪᠠᠨ ᠬᠠᠮᠲᠤᠳᠠ ᠪᠠᠨ ᠰᠣᠷᠣᠭ ᠭᠡᠵᠦ ᠪᠣᠳᠣᠭᠠᠳ ᠣᠷᠬᠢᠭᠰᠠᠨ ᠪᠠᠶᠢᠭᠰᠠᠨ᠃ ᠬᠠᠷᠢᠨ ᠡᠨᠡ ᠵᠢᠯ ᠳᠠᠬᠢᠭᠠᠳ ᠯᠠ ᠬᠦᠦ ᠮᠠᠨᠢ
ᠰᠣᠨᠢᠷᠬᠠᠭᠰᠠᠨ ᠤᠴᠢᠷ ᠡᠴᠡ ᠤᠷᠤᠯᠳᠤᠭᠠᠨ ᠳᠤ ᠤᠷᠤᠯᠴᠠᠬᠤ ᠪᠠᠷ ᠰᠢᠢᠳᠴᠦ, ᠰᠠᠷᠠ ᠰᠢᠬᠠᠮ ᠪᠡᠯᠡᠳᠬᠡᠭᠰᠡᠨ.
ᠪᠡᠯᠡᠳᠬᠡᠬᠦ ᠬᠤᠭᠤᠴᠠᠭᠠᠨ ᠳᠤ ᠪᠠᠨ ᠳᠥᠷᠪᠡᠨ ᠳᠡᠪᠲᠡᠷ ᠳᠠᠭᠤᠰᠲᠠᠯᠠ ᠪᠢᠴᠢᠭᠰᠡᠨ. ᠬᠦᠦ ᠶᠢᠨ ᠮᠢᠨᠢ
ᠠᠩᠬᠠᠨ ᠤ ᠤᠷᠤᠯᠲᠤᠭᠠ ᠪᠠᠶᠢᠭᠰᠠᠨ᠃ ᠤᠷᠤᠯᠳᠤᠭᠠᠨ ᠳᠤ ᠭᠤᠳᠤᠭᠠᠷ ᠪᠠᠶᠢᠷᠢ ᠡᠵᠡᠯᠡᠭᠰᠡᠨ ᠢᠨᠦ
ᠪᠠᠭᠨᠷᠭᠨᠭᠤᠰᠢᠲᠠᠢ᠃ ᠬᠦᠦ ᠲᠠᠢ ᠪᠠᠨ ᠬᠠᠮᠲᠤ ᠡᠬᠡ ᠬᠡᠯᠡ, ᠰᠤᠶᠤᠯ ᠶᠢᠨ ᠡᠷᠭᠢᠮᠯᠠᠨ ᠰᠢᠮᠳᠠᠨ ᠠᠮᠵᠢᠯᠲᠠᠲᠠᠢ ᠣᠷᠣᠯᠴᠠᠭᠰᠠᠨ ᠳᠤ ᠪᠠᠨ ᠪᠠᠶᠠᠷᠯᠠᠵᠤ ᠪᠠᠶᠢᠭᠠ.
- ᠮᠣᠩᠭᠣᠯ ᠪᠢᠴᠢᠭ ᠲᠠᠨ ᠤ
ᠪᠣᠳᠣᠯ ᠊ᠢᠢᠠᠷ,,,
- ᠮᠣᠩᠭᠣᠯ ᠪᠢᠴᠢᠭ ᠊ᠢᠢᠠᠷ ᠪᠢᠴᠢᠬᠦ ᠪᠦᠷᠢ ᠳᠤ ᠮᠠᠰᠢ ᠶᠡᠬᠡ ᠪᠲᠤᠭᠤᠯᠲᠠᠭ᠂ ᠤᠬᠠᠭᠠᠷᠠᠯ ᠤᠨ ᠪᠢᠴᠢᠭ ᠶᠤᠮ᠃ ᠮᠥᠨ ᠦᠨᠳᠦᠰᠦᠨ ᠤ ᠪᠢᠴᠢᠭ ᠊ᠢᠢᠠᠷ ᠪᠢᠴᠢᠵᠦ ᠰᠣᠷᠣᠭᠰᠠᠨ
ᠬᠡᠦᠬᠡᠳ ᠤᠳ ᠮᠠᠰᠢ ᠰᠠᠶᠢᠨ ᠲᠦᠪᠯᠠᠷᠠᠵᠤ ᠰᠠᠭᠤᠬᠤ
ᠴᠢᠳᠠᠪᠤᠷᠢ ᠲᠠᠢ ᠪᠣᠯᠳᠠᠭ. ᠰᠡᠳᠬᠢᠬᠦᠢ ᠮᠠᠰᠢ ᠰᠠᠶᠢᠨ
ᠬᠢᠭᠵᠢᠲᠩ᠂ ᠪᠠᠭ ᠊ᠢᠢᠠᠷ ᠶᠢᠨ ᠬᠠᠮᠲᠤᠷᠠᠨ ᠠᠵᠢᠯᠯᠠᠬᠤ
ᠴᠢᠳᠠᠪᠤᠷᠢ ᠲᠠᠢ ᠪᠣᠯᠳᠠᠭ ᠊ᠢᠢᠠᠷ ᠶᠢᠨ ᠳᠠᠪᠠᠭᠤ ᠲᠠᠯᠠ ᠲᠠᠢ
ᠰᠢᠦ ᠳ᠋ᠠ᠃
ᠶᠡᠷᠦ ᠢᠨᠦ ᠴᠢᠩ ᠰᠡᠳᠬᠢᠯ, ᠥᠪᠡᠷ ᠤᠨ ᠬᠦᠰᠡᠯ ᠵᠣᠷᠢᠯᠭᠠ ᠪᠠᠷ ᠠᠯᠢᠪᠠ ᠶᠠᠭᠤᠮᠠᠨ ᠳᠤ ᠰᠤᠷᠤᠯᠴᠠᠪᠠᠯ ᠰᠤᠷᠬᠤ ᠦᠭᠡᠢ ᠵᠦᠢᠯ ᠭᠡᠵᠦ ᠦᠭᠡᠢ᠃ ᠮᠠᠭᠠᠳ ᠦᠭᠡᠢ᠂ ᠮᠣᠩᠭᠣᠯ ᠪᠢᠴᠢᠭ ᠰᠤᠷᠬᠤ ᠠᠨᠤ ᠬᠡᠴᠡᠭᠦᠦ ᠬᠡᠮᠡᠭᠰᠡᠨ ᠣᠶᠢᠯᠠᠭᠠᠯᠲᠠ ᠪᠠᠷ ᠰᠤᠷᠬᠤ ᠦᠭᠡᠢ ᠪᠠᠶᠢᠵᠤ ᠪᠣᠯᠬᠤ ᠶᠤᠮ᠃ ᠭᠡᠬᠦ ᠳᠤ ᠪᠠᠨ ᠮᠡᠳᠡᠬᠦ ᠦᠭᠡᠢ ᠭᠡᠬᠦ ᠪᠣᠳᠣᠯ ᠢ ᠨᠢᠷᠤᠭᠤᠨ ᠳᠤ ᠪᠠᠨ ᠡᠭᠦᠷᠬᠦ
ᠦᠭᠡᠢ ᠪᠠᠷ ᠪᠢ ᠴᠢᠳᠠᠨᠠ ᠭᠡᠵᠦ ᠪᠣᠳᠣᠪᠠᠯ ᠰᠤᠷᠬᠤ ᠳᠤ ᠶᠡᠬᠡ ᠠᠮᠠᠷᠬᠠᠨ. ᠬᠠᠮᠤᠭ ᠤᠨ ᠭᠣᠣᠯ ᠠᠨᠤ ᠥᠪᠡᠷ ᠤᠨ ᠬᠢᠴᠢᠶᠡᠯ ᠵᠢᠳᠬᠦᠯ ᠴᠢᠬᠤᠯᠠ.
ᠬᠦᠮᠦᠨ ᠪᠦᠷᠢ ᠡᠬᠡ ᠬᠡᠯᠡ ᠪᠠᠨ ᠬᠢᠴᠢᠶᠡᠨ ᠰᠢᠮᠳᠠᠨ ᠰᠤᠷᠤᠯᠴᠠᠵᠤ, ᠮᠣᠩᠭᠣᠯᠴᠤᠳ ᠤᠨ ᠣᠶᠤᠨ ᠤ ᠵᠤᠯᠠ
ᠪᠣᠯᠤᠭᠰᠠᠨ ᠪᠢᠴᠢᠭ ᠦᠰᠦᠭ ᠮᠢᠨᠢ ᠮᠦᠩᠭᠠᠲᠠ ᠪᠠᠳᠮᠠᠯᠠᠨ ᠲᠠᠯᠭᠠᠷᠠᠵᠤ ᠪᠠᠶᠢᠬᠤ ᠪᠣᠯᠲᠤᠭᠠᠢ.
ᠶᠠᠷᠢᠯᠴᠭᠨᠰᠠᠨ ᠪᠠ᠂ ᠭᠨᠲᠤᠶᠠᠭᠠ




