ᠮᠣᠩᠭᠣᠯ ᠤᠨ ᠲᠡᠦᠬᠡ, ᠱᠠᠰᠢᠨ, ᠰᠤᠶᠤᠯ, ᠤᠷᠠᠯᠢᠭ ᠤᠨ ᠭᠠᠶᠢᠬᠠᠮᠰᠢᠭᠲᠤ ᠥᠪ, ᠳᠠᠬᠢᠨ ᠳᠠᠪᠲᠠᠭᠳᠠᠰᠢ ᠦᠭᠡᠢ ᠳᠤᠷᠠᠰᠬᠠᠯ ᠪᠤᠶᠤ ᠴᠣᠢᠢᠵᠣᠩ ᠪᠯᠠᠮᠠ ᠶᠢᠨ ᠰᠦᠮᠠ ᠮᠦᠽᠧᠢ ᠢᠨᠦ ᠥᠨᠳᠥᠷ ᠭᠡᠭᠡᠬᠡᠨ ᠵᠠᠨᠠᠪᠠᠵᠠᠷ ᠤᠨ ᠮᠤᠲᠤᠷ ᠤᠨ ᠪᠣᠯᠤᠨ ᠲᠢᠭ ᠰᠤᠷᠭᠠᠭᠤᠯᠢ ᠶᠢᠨ ᠬᠢᠴᠡ ᠲᠡᠷᠢᠭᠦᠲᠡᠢ 6000 ᠭᠠᠷᠤᠢ ᠦᠵᠡᠮᠦᠷᠢ, ᠡᠳ᠋ ᠦᠯᠦᠭ ᠤᠨ
ᠵᠦᠢᠯ ᠢ ᠬᠠᠲᠠᠭᠠᠯᠠᠨ ᠬᠠᠮᠠᠭᠠᠯᠠᠵᠤ,
ᠳᠡᠯᠡᠬᠡᠢ ᠳ᠋ᠠᠬᠢᠨ ᠳᠤ ᠲᠠᠨᠢᠭᠤᠯᠳ ᠰᠤᠷᠲᠠᠯᠴᠢᠯᠠᠵᠤ ᠠᠵᠢᠯᠯᠠᠳᠠᠭ, ᠰᠤᠶᠤᠯ, ᠰᠫᠣᠷᠲ, ᠠᠶᠠᠯᠠᠯ ᠵᠢᠭᠤᠯᠴᠢᠯᠠᠯ, ᠵᠠᠯᠠᠭᠤᠴᠤᠳ ᠤᠨ ᠶᠠᠮᠳ ᠤ
ᠬᠠᠷᠢᠶᠠ ᠲᠥᠷᠦ ᠶᠢᠨ ᠦᠢᠯᠠᠴᠢᠯᠠᠭᠠᠨ ᠤ
ᠪᠠᠢᠢᠭᠤᠯᠤᠯᠭᠠ ᠶᠤᠮ᠃
ᠭᠡᠭᠡᠷᠡᠯ ᠤᠨ ᠰᠠᠶᠢᠳ ᠤᠨ 2000
ᠣᠨ ᠤ ᠨᠢᠭᠡᠳᠦᠭᠡᠷ ᠰᠠᠷᠠ ᠶᠢᠨ ᠲᠠᠪᠤᠨ ᠤ
ᠡᠳᠦᠷ ᠤᠨ ︽ 293 - 7 ︾ ᠲᠣᠭᠠᠲᠤ
ᠲᠤᠰᠢᠶᠠᠯ ᠊ᠢᠢᠠᠷ ᠪᠡᠶᠡ ᠲᠠᠭᠠᠭᠭᠨᠰᠠᠨ ᠮᠦᠽᠧᠢ ᠪᠣᠯᠤᠭᠰᠠᠨ ᠪᠥᠭᠡᠳ ᠡᠳᠦᠭᠡ ᠬᠣᠶᠠᠷ ᠨᠢᠭᠡᠴᠡ,
20 ᠠᠵᠢᠯᠲᠠᠨ ᠲᠠᠢ ᠪᠠᠷ ᠦᠢᠯᠡ
ᠠᠵᠢᠯᠯᠠᠭᠠ ᠪᠠᠨ ᠶᠠᠪᠤᠭᠤᠯᠵᠤ ᠪᠠᠶᠢᠭᠠ ᠠᠵᠠᠢ.
ᠲᠣᠰ ᠬᠠᠮᠲᠤ ᠣᠯᠠᠨ ︽ ᠮᠣᠩᠭᠣᠯ ᠬᠡᠯᠡᠨ ᠤ ᠲᠤᠬᠠᠢ ᠬᠠᠤᠯᠢ ︾᠂ ᠮᠣᠩᠭᠣᠯ
ᠤᠯᠤᠰ ᠤᠨ ᠵᠠᠰᠠᠭ ᠤᠨ ᠭᠠᠵᠠᠷ ᠤᠨ 2020
ᠣᠨ ᠤ 96 ᠳ᠋ᠤᠭᠠᠷ ᠲᠣᠭᠲᠠᠭᠠᠯ ᠊ᠢᠢᠠᠷ
ᠪᠠᠲᠤᠯᠠᠭᠰᠠᠨ ︽ ᠮᠣᠩᠭᠣᠯ ᠪᠢᠴᠢᠭ ᠤᠨ
ᠦᠨᠳᠦᠰᠦᠨ ᠤ ᠬᠥᠲᠥᠯᠪᠦᠷᠢ - 3 ︾᠂
ᠰᠤᠶᠤᠯ ᠤᠨ ᠶᠠᠮᠳ ᠡᠴᠡ ᠰᠠᠨᠠᠭᠠᠴᠢᠯᠠᠨ
ᠬᠡᠷᠡᠭᠵᠢᠭᠦᠯᠵᠦ ᠪᠤᠢ ︽ ᠬᠣᠣᠰ ᠪᠢᠴᠢᠭᠲᠠᠨ ᠶᠠᠮᠳ ︾ ᠬᠥᠲᠥᠯᠪᠦᠷᠢ ᠶᠢᠨ ᠬᠦᠷᠢᠶᠡᠨ ᠳᠤ ᠮᠣᠩᠭᠣᠯ ᠬᠡᠯᠡ, ᠪᠢᠴᠢᠭ, ᠰᠤᠳᠤᠯᠤᠭᠠᠴᠢ ᠪᠠᠭᠰᠢ, ᠮᠣᠩᠭᠣᠯ
ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ
ᠪᠠ᠂ ᠡᠯᠪᠠᠭ᠍ᠵᠠᠶᠠᠭᠠ ᠪᠠᠭᠰᠢ ᠪᠠᠷ 2023 ᠣᠨ ᠳᠤ ᠠᠩᠬᠠᠨ ᠱᠠᠲᠤᠨ ᠊ᠤ, 2024 ᠣᠨ ᠳᠤ ᠠᠭᠢᠭᠰᠠᠨ
ᠱᠠᠲᠤᠨ ᠤ ᠬᠢᠴᠢᠶᠡᠯ ᠤᠳ ᠢ ᠨᠡᠶᠢᠲᠡ
ᠠᠵᠢᠯᠲᠠᠨ ᠳᠤ ᠪᠠᠨ ᠵᠢᠭᠠᠯᠭᠠᠵᠤ, 2025
ᠣᠨ ᠤ ᠨᠢᠭᠡᠳᠦᠭᠡᠷ ᠰᠠᠷᠠ ᠶᠢᠨ ᠨᠢᠭᠡᠨ ᠤ
ᠡᠳᠦᠷ ᠡᠴᠡ ᠬᠣᠣᠰ ᠪᠢᠴᠢᠭ ᠊ᠢᠢᠠᠷ ᠠᠯᠪᠠᠨ
ᠬᠡᠷᠡᠭ ᠶᠢᠨ ᠬᠥᠲᠥᠯᠵᠦ ᠡᠬᠢᠯᠡᠵᠡᠢ.
ᠮᠥᠨ ᠬᠠᠮᠲᠤ ᠣᠯᠠᠨ ᠊ᠢᠢᠠᠷ ᠶᠢᠨ
︽ ᠬᠦᠮᠦᠨ ᠪᠢᠴᠢᠭ ︾ ᠰᠣᠨᠢᠨ ᠢ ᠲᠣᠭᠲᠠᠮᠠᠯ ᠵᠠᠭᠢᠶᠠᠯᠠᠨ ᠤᠩᠰᠢᠵᠤ ᠪᠠᠶᠢᠭᠠ ᠮᠣᠩᠭᠣᠯ ᠪᠢᠴᠢᠭᠲᠠᠨ
ᠪᠠᠢᠢᠭᠤᠯᠤᠯᠭᠠ ᠶᠢᠨ ᠨᠢᠭᠡ ᠶᠤᠮ᠃





